论文信息


题名 《ᠪᠦᠷᠢ (Bori)᠋ ᠶᠢᠨ ᠠᠭᠤᠢ》ᠬᠢᠭᠡᠳ 《ᠡᠷᠭᠦᠨ᠎ᠠ ᠬᠤᠨ》
作者 ᠭᠸ‍᠂ ᠨᠠᠮᠵᠢᠯ
关键词 ᠪᠦᠷᠢ ᠶᠢᠨ ᠠᠭᠤᠢ; ᠡᠷᠭᠦᠨ᠎ᠠ ᠬᠤᠨ; ᠠᠭᠤᠢ ᠶᠢᠨ ᠰᠢᠲᠦᠯᠭᠡ; ᠳᠤᠮᠤᠭ; ᠳᠤᠮᠤᠭ ᠶᠠᠷᠢᠶ᠎ᠠ
摘要 ᠦᠭᠦᠯᠡᠯ ᠳᠦ 《ᠵᠧᠤ ᠱᠤ ᠪᠢᠴᠢᠭ᠌》ᠵᠡᠷᠭᠡ ᠬᠢᠲᠠᠳ ᠰᠤᠷᠪᠤᠯᠵᠢ ᠪᠢᠴᠢᠭ᠌ ᠲᠦ ᠲᠡᠮᠳᠡᠭᠯᠡᠭᠳᠡᠭᠰᠡᠨ ᠲᠦᠷᠺ ᠬᠡᠯᠡᠲᠡᠨ ᠦᠨᠳᠦᠰᠦᠲᠡᠨ ᠦ ᠴᠢᠨᠤ᠎ᠠ ᠲᠤᠲ᠋ᠧᠮ ᠦᠨ ᠳᠤᠮᠤᠭ᠂ ᠳᠤᠮᠤᠭ ᠶᠠᠷᠢᠶᠠᠨ ᠳᠤ ᠭᠠᠷᠳᠠᠭ 《ᠪᠦᠷᠢ ᠶᠢᠨ ᠠᠭᠤᠢ》ᠬᠢᠭᠡᠳ ᠫᠧᠷᠢᠰ ᠤᠨ ᠲᠡᠦᠬᠡᠴᠢ ᠷᠠᠰᠢᠳ᠋᠂ ᠠᠳ᠋ᠳᠢᠨ ᠤ 《ᠰᠤᠳᠤᠷ ᠤᠨ ᠴᠢᠭᠤᠯᠭᠠᠨ》᠋ ᠳᠤ ᠲᠡᠮᠳᠡᠭᠯᠡᠭᠳᠡᠭᠰᠡᠨ 《ᠡᠷᠭᠦᠨ᠎ᠠ ᠬᠤᠨ ᠤ ᠳᠤᠮᠤᠭ》ᠲᠡᠬᠢ 《ᠡᠷᠭᠦᠨ᠎ᠠ ᠬᠤᠨ》ᠬᠤᠭᠤᠷᠤᠨᠳᠤᠬᠢ ᠪᠠᠨ ᠲᠦᠰᠦᠭᠡᠲᠡᠢ ᠪᠠᠢ᠌ᠳᠠᠭ᠃ 《ᠪᠦᠷᠢ ᠶᠢᠨ ᠠᠭᠤᠢ》᠂ 《ᠡᠷᠭᠦᠨ᠎ᠠ ᠬᠤᠨ ᠤ ᠤᠤᠷ ᠵᠠᠭᠪᠤᠷ ᠨᠢ ᠪᠦᠷ ᠪᠤᠳᠠᠲᠠᠢ ᠤᠷᠤᠰᠢᠬᠤ ᠪᠠᠢ᠌ᠭᠠᠯᠢᠯᠢᠭ ᠠᠭᠤᠯᠠᠨ ᠠᠭᠤᠢ ᠪᠠᠢ᠌ᠵᠤ᠂ ᠮᠣᠩ᠋ᠭᠤᠯ᠂ ᠲᠦᠷᠺ ᠦᠨᠳᠦᠰᠦᠲᠡᠨ ᠦ ᠡᠷᠲᠡᠨ ᠦ ᠡᠪᠦᠭᠡ ᠳᠡᠭᠡᠳᠦᠰ ᠦᠨ ᠣᠷᠤᠰᠢᠨ ᠠᠮᠢᠳᠤᠷᠠᠭᠰᠠᠨ ᠡᠷᠬᠡ ᠲᠠᠷᠬᠠᠨ ᠣᠷᠤᠨ ᠪᠠᠢ᠌ᠷᠢ ᠶᠤᠰᠤᠭᠠᠷ ᠬᠦᠮᠦᠰ ᠦᠨ ᠰᠢᠲᠦᠯᠭᠡ ᠪᠢᠰᠢᠷᠡᠯ ᠦᠨ ᠰᠡᠳᠬᠢᠯᠭᠡ ᠶᠢ ᠲᠠᠲᠠᠭᠰᠠᠭᠠᠷ ᠢᠷᠡᠵᠡᠢ᠃ ᠭᠡᠬᠦ ᠳᠡᠭᠡᠨ ᠡᠳᠡᠭᠡᠷ 《ᠠᠭᠤᠢ》ᠨᠢ ᠳᠤᠮᠤᠭ ᠪᠤᠶᠤ ᠳᠤᠮᠤᠭ ᠶᠠᠷᠢᠶᠠᠨ ᠳᠤ ᠳᠤᠰᠬᠠᠭᠳᠠᠨ ᠠᠷᠠᠳ ᠢᠷᠭᠡᠳ ᠳᠡᠯᠭᠡᠷᠡᠬᠦ ᠶᠠᠪᠤᠴᠠ ᠳᠠᠭᠠᠨ ᠪᠦᠷ ᠰᠢᠳᠢᠲᠦ ᠰᠢᠨᠵᠢ ᠲᠡᠢ ᠪᠤᠯᠵᠤ ᠢᠷᠡᠭᠰᠡᠨ ᠪᠠᠢ᠌ᠨ᠎ᠠ ᠭᠡᠵᠦ ᠦᠵᠡᠵᠡᠢ᠃
原文 查看原文
出自 中国蒙古学 2006年 第3期

联系我们


内蒙古大学图书馆
呼和浩特市大学西路235号
中国·内蒙古
P: (0471) 4992561
E: huangfeilong@imu.edu.cn