摘要 |
《ᠮᠣᠩ᠋ᠭᠤᠯ ᠤᠨ ᠨᠢᠭᠤᠴᠠ ᠲᠤᠪᠴᠢᠶᠠᠨ》᠋ ᠳᠤ 《ᠬᠤ (豁᠂ 忽)》(ᠬᠡᠪᠯᠡᠯ ᠦᠨ ᠳᠦᠭᠦᠮ ᠢ ᠪᠤᠳᠤᠵᠤ ᠳᠤᠷᠤᠭᠴᠢ 《ᠮᠣᠩ᠋ᠭᠤᠯ ᠤᠨ ᠨᠢᠭᠤᠴᠠ ᠲᠤᠪᠴᠢᠶᠠᠨ》᠋ ᠤ ᠬᠢᠲᠠᠳ ᠭᠠᠯᠢᠭᠯᠠᠯ ᠤᠨ ᠬᠠᠵᠠᠭᠤ ᠶᠢᠨ ᠠᠪᠢᠶ᠎ᠠ 吞᠂ 中 ᠵᠡᠷᠭᠡ ᠶᠢ ᠴᠦᠮ ᠲᠤᠪᠴᠢᠯᠠᠪᠠ)᠋ ᠪᠠᠷ ᠡᠬᠢᠯᠡᠭᠰᠡᠨ ᠦᠭᠡ ᠨᠢ 《ᠷ》ᠲᠠᠢ ᠨᠡᠢ᠌ᠯᠡᠵᠦ 《豁里᠂ 豁兒᠂ 豁鲁᠂ 豁羅᠂ 豁樂᠂忽勒᠂ 忽刺᠂ 忽魯᠂忽里᠂忽兒》ᠵᠡᠷᠭᠡ 《ᠬᠤᠷ》ᠢᠵᠠᠭᠤᠷ ᠲᠠᠢ ᠦᠭᠡ ᠪᠦᠲᠦᠵᠦ ᠣᠯᠠᠨ ᠵᠤᠢ᠌ᠯ ᠤᠨ ᠤᠳᠬ᠎ᠠ ᠪᠠᠷ ᠬᠡᠡᠭᠯᠡᠭᠳᠡᠪᠡ᠃ ᠲᠤᠰ ᠦᠭᠦᠯᠡᠯ ᠳᠦ ᠪᠠᠢ᠌ᠯᠳᠤᠭᠠᠲᠤ ᠤᠯᠤᠰ ᠤᠨ ᠦᠶ᠎ᠡ ᠶᠢᠨ ᠤᠮᠠᠷᠠᠲᠤ ᠶᠢᠨ ᠴᠦᠬᠡᠨ ᠲᠤᠭᠠᠲᠤ ᠦᠨᠳᠦᠰᠦᠲᠡᠨ ᠦ ᠨᠡᠷ᠎ᠡ 《胡》(ᠬᠤᠷ) ᠨᠢ 6᠋ ᠳᠤᠭᠠᠷ ᠵᠠᠭᠤᠨ ᠤ ᠦᠶ᠎ᠡ ᠳᠦ ᠰᠤᠭᠳᠠ ᠬᠡᠯᠡᠨ ᠳᠦ 《xurmazta》᠂ 《ᠮᠣᠩ᠋ᠭᠤᠯ ᠤᠨ ᠨᠢᠭᠤᠴᠠ ᠲᠤᠪᠴᠢᠶᠠᠨ》᠋ ᠳᠤ 《ᠬᠤᠷᠴᠢ ᠪᠦᠬ》᠂ ᠰᠡᠭᠦᠯᠡᠷ ᠨᠢ 《ᠬᠤᠷᠮᠤᠰᠲᠠ ᠲᠡᠭᠷᠢ》ᠭᠡᠵᠦ ᠲᠤᠰ ᠲᠤᠰ 《ᠫᠧᠷᠰ ᠤᠨ᠂ ᠮᠣᠩ᠋ᠭᠤᠯ ᠤᠨ ᠪᠦᠬᠡ ᠶᠢᠨ᠂ ᠮᠣᠩ᠋ᠭᠤᠯ ᠤᠨ ᠪᠤᠷᠬᠠᠨ ᠤ ᠱᠠᠰᠢᠨ》᠋ ᠤ ᠭᠤᠤᠯ ᠰᠢᠲᠦᠭᠡᠨ ᠦ ᠴᠢᠬᠤᠯᠠ ᠤᠳᠬ᠎ᠠ ᠲᠠᠢ ᠪᠠᠢ᠌ᠭᠰᠠᠨ ᠢ ᠯᠠᠪᠯᠠᠵᠤ᠂ ᠰᠡᠭᠦᠯᠡᠷ ᠨᠢ ᠮᠣᠩ᠋ᠭᠤᠯᠴᠤᠳ ᠤᠨ ᠳᠤᠮᠳᠠ 《ᠬᠤᠷ᠂ ᠬᠤᠷᠴᠢᠨ᠂ ᠬᠤᠷᠤ᠂ ᠬᠤᠷᠴᠢ᠂ ᠬᠤᠷ᠎ᠠ᠂ ᠲᠢᠬᠢᠨ ᠬᠤᠷᠢ᠂ ᠬᠤᠷᠢᠴᠠᠷ᠂ ᠬᠤᠷᠢ ᠲᠦᠮᠡᠳ᠂ ᠬᠤᠷᠢᠯᠠᠷᠲᠠᠢ ᠮᠡᠷᠭᠡᠨᠡ᠂ ᠬᠤᠷᠢᠯᠠᠷ ᠣᠪᠤᠭᠲᠤ᠂ ᠬᠤᠷᠢᠵᠢᠨ ᠁》ᠭᠡᠬᠦ ᠮᠡᠲᠦ ᠪᠡᠷ ᠬᠡᠷᠡᠭᠯᠡᠭᠳᠡᠵᠦ ᠪᠠᠢ᠌ᠭᠰᠠᠨ ᠣᠨᠴᠠᠯᠢᠭ ᠠᠴᠠ 《ᠬᠤᠷ》ᠢᠵᠠᠭᠤᠷᠲᠤ ᠦᠭᠡ ᠮᠣᠩ᠋ᠭᠤᠯᠴᠤᠳ ᠤᠨ ᠳᠤᠮᠳᠠ ᠴᠢᠬᠤᠯᠠᠴᠢᠯᠠᠨ ᠬᠡᠷᠡᠭᠯᠡᠭᠳᠡᠳᠡᠭ ᠪᠠᠢ᠌ᠭᠰᠠᠨ ᠰᠤᠶᠤᠯ ᠤᠨ ᠠᠭᠤᠯᠤᠭᠳᠠᠬᠤᠨ ᠢ ᠰᠤᠳᠤᠯᠵᠠᠢ᠃ |