摘要 |
ᠣᠢᠷᠠᠳ ᠠᠢᠮᠠᠭ ᠨᠢ ᠣᠢ ᠶᠢᠨ ᠢᠷᠭᠡᠨ ᠠᠢᠮᠠᠭ ᠤᠳ ᠤᠨ ᠨᠢᠭᠡ ᠪᠦᠷᠢᠯᠳᠦᠭᠦᠨ ᠡᠴᠡ ᠪᠡᠨ ᠣᠢ ᠶᠢᠨ ᠢᠷᠭᠡᠨ ᠠᠢᠮᠠᠭ ᠤᠳ ᠢ ᠪᠠᠭᠲᠠᠭᠠᠬᠤ ᠪᠤᠯᠲᠠᠯᠠᠬᠢ ᠲᠡᠦᠬᠡ ᠶᠢᠨ ᠬᠦᠭᠵᠢᠯᠲᠡ ᠶᠢᠨ ᠤᠷᠲᠤ ᠤᠳᠠᠭᠠᠨ ᠶᠠᠪᠤᠴᠠ ᠳᠤ ᠭᠤᠤᠯᠳᠠᠭᠤ ᠠᠩ ᠠᠩᠨᠠᠯ ᠢᠶᠠᠷ ᠠᠵᠤ ᠠᠬᠤᠢ ᠶᠢᠨ ᠬᠡᠯᠪᠡᠷᠢ ᠪᠡᠨ ᠪᠤᠯᠭᠠᠵᠤ ᠪᠠᠢᠭᠰᠠᠨ ᠶᠤᠮ᠃ ᠦᠭᠦᠯᠡᠯ ᠳᠦ᠂ ᠰᠢᠨᠵᠢᠶᠠᠩ ᠤᠨ ᠣᠢᠷᠠᠳ ᠠᠶᠠᠯᠭᠤᠨ ᠤ ᠣᠷᠤᠨ ᠳᠠᠬᠢ ᠬᠡᠭᠡᠷ᠎ᠡ ᠶᠢᠨ ᠪᠠᠢᠴᠠᠭᠠᠯᠲᠠ ᠶᠢᠨ ᠮᠠᠲ᠋ᠧᠷᠢᠶᠠᠯ ᠳᠤ ᠰᠠᠭᠤᠷᠢᠯᠠᠵᠤ᠂ ᠠᠩ ᠠᠮᠢᠲᠠᠨ ᠤ ᠨᠡᠷᠡᠰ᠂ ᠠᠩᠨᠠᠯ ᠤᠨ ᠪᠠᠭᠠᠵᠢ ᠵᠡᠪᠰᠡᠭ ᠪᠡ ᠡᠳ᠋ ᠬᠡᠷᠡᠭᠰᠡᠯ ᠦᠨ ᠨᠡᠷᠡᠰ᠂ ᠠᠩᠨᠠᠯ ᠤᠨ ᠠᠵᠢᠯ ᠮᠡᠷᠭᠡᠵᠢᠯ ᠦᠨ ᠨᠡᠷ᠎ᠡ᠂ ᠠᠩᠨᠠᠬᠤ ᠦᠢᠯᠡ ᠶᠢᠨ ᠨᠡᠷ᠎ᠡ᠂ ᠠᠪᠠ ᠶᠢᠨ ᠲᠦᠷᠦᠯ ᠵᠤᠢᠯ ᠪᠠ ᠠᠩ ᠠᠩᠨᠠᠯ ᠳᠤ ᠬᠤᠯᠪᠤᠭᠳᠠᠬᠤ ᠪᠤᠰᠤᠳ ᠦᠭᠡᠰ ᠵᠡᠷᠭᠡ ᠬᠡᠳᠦᠨ ᠲᠠᠯ᠎ᠠ ᠠᠴᠠ ᠭᠠᠷᠲᠠᠨ᠂ ᠣᠢᠷᠠᠳ ᠮᠣᠩᠭᠤᠯᠴᠤᠳ ᠤᠨ ᠠᠩᠨᠠᠯ ᠤᠨ ᠵᠠᠩ ᠦᠢᠯᠡ ᠶᠢᠨ ᠣᠢᠷᠠᠳ ᠠᠶᠠᠯᠭᠤᠨ ᠤ ᠦᠭᠡᠰ ᠦᠨ ᠰᠠᠩ ᠳᠠᠬᠢ ᠨᠦᠯᠦᠭᠡ ᠳᠤᠰᠬᠠᠯ ᠢ ᠬᠠᠢᠨ ᠰᠢᠨᠵᠢᠯᠡᠵᠡᠢ᠃ |