题名 |
ᠴᠡᠩᠭᠡᠯᠲᠦ ᠶᠢᠨ ᠨᠤᠲᠤᠭ ᠤᠰᠤᠨ ᠤ ᠤᠷᠠᠨ ᠵᠣᠬᠢᠶᠠᠯ ᠤᠨ ᠰᠢᠭᠦᠮᠵᠢ ᠦᠭᠦᠯᠡᠯ ᠢ ᠦᠭᠦᠯᠡᠬᠦ ᠨᠢ |
作者 |
ᠬᠦᠷᠡᠯᠱᠠ |
关键词 |
ᠴᠡᠩᠭᠡᠯᠲᠦ;ᠰᠢᠭᠦᠮᠵᠢ ᠦᠭᠦᠯᠡᠯ; ᠨᠤᠲᠤᠭ ᠤᠰᠤᠨ ᠤ ᠤᠷᠠᠨ ᠵᠣᠬᠢᠶᠠᠯ |
摘要 |
ᠴᠡᠩᠭᠡᠯᠲᠦ ᠶᠢᠨ ᠰᠢᠭᠦᠮᠵᠢ ᠦᠭᠦᠯᠡᠯ ᠪᠣᠯ ᠪᠠᠭ᠋ ᠠ ᠡᠴᠡ ᠶᠡᠬᠡ ᠵᠢ ᠰᠡᠳᠦᠵᠦ᠂ ᠦᠵᠡᠭᠳᠡᠯ ᠡᠴᠡ ᠮᠦᠨ ᠴᠢᠨᠠᠷ ᠢ ᠦᠭᠦᠯᠡᠵᠦ᠂ ᠦᠩᠭᠡᠷᠡᠯᠲᠡ ᠭᠦᠭ᠍ᠵᠢᠯᠲᠡ ᠡᠴᠡ ᠵᠢᠮ ᠠ ᠶᠣᠰᠤ ᠵᠢ ᠰᠦᠪᠡᠭ᠍ᠴᠢᠯᠡᠵᠦ᠂ ᠦᠨᠡᠨ ᠬᠢᠭᠡᠳ ᠰᠠᠢᠢᠬᠠᠨ ᠢ ᠨᠢᠭᠡᠳᠭᠡᠭ᠍ᠰᠡᠨ᠂ ᠲᠦᠪ ᠴᠢᠩᠭ᠋ ᠠ ᠬᠢᠭᠡᠳ ᠠᠮᠢᠳᠤ ᠴᠤᠪᠤᠭᠤᠯᠢᠭ ᠢ ᠤᠶᠠᠯᠳᠤᠭᠤᠯᠤᠭᠰᠠᠨ᠂ ᠪᠡᠶᠡᠴᠢ ᠰᠡᠳᠬᠢᠯᠭᠡ ᠲᠠᠢ ᠮᠦᠷᠲᠡᠭᠡᠨ ᠪᠣᠰᠤᠳᠴᠢ ᠮᠠᠭᠠᠳᠯᠠᠯ ᠲᠠᠢ ᠂ ᠪᠠᠷᠢᠮᠳᠠ ᠮᠠᠲ᠋ᠧᠷᠢᠶᠠᠯ ᠲᠠᠢ ᠮᠦᠷᠲᠡᠭᠡᠨ ᠤᠨᠤᠯ ᠤᠨ ᠦᠭᠦᠯᠡᠮᠵᠢ ᠲᠠᠢ ᠡᠷᠳᠡᠮ ᠰᠢᠨᠵᠢᠯᠡᠭᠡᠨ ᠤ ᠬᠡᠯᠪᠡᠷᠢᠲᠦ ᠰᠢᠬᠦᠮᠵᠢ ᠦᠭᠦᠯᠡᠯ ᠪᠣᠯᠬᠤ ᠶᠣᠮ᠃ ᠰᠢᠬᠦᠮᠵᠢᠯᠡᠭᠴᠢ ᠴᠡᠩᠭᠡᠯᠲᠦ ᠪᠡᠷ《 ᠰᠣᠭᠦᠯ ᠤᠨ ᠦᠶ ᠡ ᠶᠢᠨ ᠮᠣᠩᠭ᠋ᠤᠯ ᠤᠷᠠᠨ ᠵᠣᠬᠢᠶᠠᠯ ᠤᠨ ᠰᠢᠬᠦᠮᠵᠢ ᠪᠠ ᠠᠷᠭ᠋ ᠠ ᠵᠦᠢ》ᠭᠡᠬᠦ ᠦᠭᠦᠯᠡᠯ ᠳ᠋ᠡᠭᠡᠨ ᠪᠦᠬᠦᠳᠡ ᠨᠠᠢᠢᠷᠠᠮᠳᠠᠬᠤ ᠲᠤᠮᠳᠠᠳᠤ ᠠᠷᠠᠳ ᠤᠯᠤᠰ ᠪᠠᠢᠢᠭᠤᠯᠤᠭᠳᠠᠭᠰᠠᠨ ᠤ ᠲᠠᠷᠠᠭᠠᠬᠢ ᠠᠷᠪᠠᠨ ᠲᠤᠯᠤᠭᠠᠨ ᠵᠢᠯ ᠤᠨ ᠰᠢᠭᠦᠮᠵᠢ ᠬᠢᠭᠡᠳ ᠰᠣᠶᠣᠯ ᠤᠨ ᠶᠡᠬᠡ ᠬᠤᠪᠢᠰᠬᠠᠯ ᠤᠨ ᠲᠠᠷᠠᠭᠠᠬᠢ ᠰᠢᠨ᠌ ᠠ ᠴᠠᠭ ᠡᠷᠢᠨ ᠤ ᠰᠢᠬᠦᠮᠵᠢ ᠵᠢ ᠲᠡᠦᠬᠡᠴᠢᠯᠠᠨ ᠰᠢᠨᠵᠢᠯᠡᠵᠦ᠂᠂ᠠᠷᠭ᠋ ᠠ ᠵᠦᠢ ᠶᠢᠨ ᠬᠠᠷᠠᠭ᠋ ᠠ ᠡᠴᠡ ᠠᠮᠵᠢᠯᠲᠠ ᠪᠠ ᠠᠰᠠᠭᠤᠳᠠᠯ ᠢ ᠨᠢ ᠳ᠋ᠦᠩᠨᠡᠵᠦ᠂ ᠲᠠᠨᠢᠯᠴᠠᠭᠤᠯᠬ᠋ ᠠ ᠮᠠᠶᠢᠭ ᠤᠨ ᠰᠢᠭᠦᠮᠵᠢ᠂ ᠵᠠᠷ ᠲᠤᠩᠬᠠᠭ ᠮᠠᠶᠢᠭ ᠤᠨ ᠰᠢᠭᠦᠮᠵᠢ᠂ ᠤᠩᠰᠢᠭᠰᠠᠨ ᠲᠦᠷᠦᠭᠳᠡᠯ ᠮᠠᠶᠢᠭ ᠤᠨ ᠰᠢᠬᠦᠮᠵᠢ ᠡᠴᠡ ᠯᠣᠬᠢᠭ ᠰᠡᠳᠬᠢᠭᠦᠢ ᠴᠢᠩᠭ᠋ ᠠ ᠨᠢᠮᠪᠠᠢ᠂ ᠦᠵᠡᠯᠲᠡ ᠣᠪᠤᠷ ᠨᠠᠷᠢᠨ ᠬᠢᠨᠠᠮᠠᠭᠠᠢ᠂ ᠡᠬᠢ ᠲᠢᠭᠲᠡᠢ᠂ ᠰᠢᠰᠲ᠋ᠧᠮᠲᠤ ᠴᠢᠨᠠᠷ᠂ ᠴᠣᠭᠴᠠᠲᠤ ᠣᠨᠴᠠᠯᠢᠭ᠂ ᠣᠨᠤᠪᠴᠢᠲᠤ ᠰᠢᠨᠵᠢ ᠲᠠᠢ ᠪᠦᠲᠦᠭᠡᠯᠴᠢ ᠰᠢᠭᠦᠮᠵᠢ ᠪᠢᠴᠢᠭᠦ ᠵᠢ ᠬᠦᠰᠡᠭᠰᠡᠨ ᠪᠠᠢᠢᠨ᠌ ᠠ᠃ ᠲᠡᠷᠡ ᠪᠡᠷ ᠭᠤᠤ ᠠ ᠵᠦᠢ᠂ ᠰᠣᠶᠣᠯ ᠵᠦᠢ᠂ ᠨᠡᠢᠢᠭᠡᠮ ᠵᠦᠢ᠂ᠭᠦᠨ ᠤᠬᠠᠭᠠᠨ ᠬᠢᠭᠡᠳ ᠤᠳᠬ ᠠ ᠵᠣᠬᠢᠶᠠᠯ ᠢ ᠤᠶᠠᠯᠳᠤᠭᠤᠯᠤᠭᠰᠠᠨ ᠤᠨᠤᠯ ᠤᠨ ᠪᠠᠷᠢᠮᠲᠠᠯᠠᠯ ᠲᠠᠢ ᠂ ᠤᠯᠠᠨ ᠵᠦᠢᠯ ᠤᠨ ᠰᠢᠨᠵᠢᠯᠡᠭᠡᠨ ᠤ ᠠᠷᠭ᠋ ᠠ ᠵᠢ ᠰᠤᠯᠢᠪᠴᠠᠭᠤᠯᠤᠨ ᠭᠡᠷᠡᠭᠯᠡᠭᠰᠡᠨ᠂ ᠰᠣᠨᠢᠷᠬᠠᠯ ᠲᠠᠢ ᠮᠦᠷᠲᠡᠭᠡᠨ ᠮᠠᠭᠠᠳᠯᠠᠯ ᠲᠠᠢ ᠰᠢᠬᠦᠮᠵᠢ ᠪᠢᠴᠢᠬᠦ ᠵᠢ ᠴᠢᠬᠤᠯᠠᠴᠢᠯᠠᠭᠰᠠᠨ ᠨᠢ ᠨᠤᠨᠤᠯ ᠬᠢᠭᠡᠳ ᠦᠢᠯᠡᠳᠦᠯᠭᠡ ᠶᠢᠨ ᠠᠴᠢ ᠬᠤᠯᠪᠤᠭᠳᠠᠯ ᠲᠠᠢ ᠪᠠᠢᠢᠨ᠌ ᠠ᠃ |
原文 |
查看原文
|
出自 |
中国蒙古学
2014年
第1期
|