题名 |
ᠮᠣᠩᠭᠤᠯ ᠬᠢᠲᠠᠳ ᠬᠤᠤᠰ ᠬᠡᠯᠡᠨ ᠦ ᠰᠤᠷᠤᠭᠴᠢᠳ ᠤᠨ ᠰᠡᠳᠬᠢᠯᠭᠡ ᠶᠢᠨ ᠵᠢᠠᠨ ᠰᠤᠷᠭᠠᠯᠲᠠ ᠶᠢᠨ ᠣᠨᠴᠠᠯᠢᠭ ᠵᠢᠴᠢ ᠠᠴᠢ ᠬᠤᠯᠪᠤᠭᠳᠠᠯ ᠤᠨ ᠲᠤᠬᠠᠢ ᠦᠭᠦᠯᠡᠬᠦ ᠨᠢ |
作者 |
ᠡᠷᠳᠡᠮᠲᠦ |
关键词 |
ᠮᠣᠩ᠋ᠭᠤᠯ ᠬᠢᠲᠠᠳ ᠬᠤᠤᠰ ᠬᠡᠯᠡᠨ ᠦ ᠰᠤᠷᠤᠭᠴᠢ; ᠰᠡᠳᠬᠢᠯᠭᠡ; ᠵᠢᠭᠠᠨ ᠰᠤᠷᠭᠠᠯᠲᠠ |
摘要 |
ᠳᠡᠯᠡᠬᠡᠢ ᠶᠢᠨ ᠰᠤᠷᠭᠠᠨ ᠬᠦᠮᠦᠵᠢᠯ ᠦᠨ ᠦᠭᠡᠷᠡᠴᠢᠯᠡᠯᠲᠡ ᠪᠡ ᠬᠦᠭ᠍ᠵᠢᠯᠲᠡ ᠶᠢ ᠳᠠᠭᠠᠯᠳᠤᠨ ᠮᠣᠩ᠋ᠭᠤᠯ ᠢᠶᠠᠷ ᠬᠢᠴᠢᠶᠡᠯᠯᠡᠬᠦ ᠳᠤᠮᠳᠠᠳᠤ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠨᠢ ᠴᠤ ᠦᠪᠡᠷ ᠦᠨ ᠠᠷᠭ᠎ᠠ ᠠᠪᠴᠠᠯ ᠳᠠᠭᠠᠨ ᠲᠠᠰᠤᠷᠠᠯᠲᠠ ᠦᠭᠡᠢ ᠰᠢᠨᠡᠴᠢᠯᠡᠯᠲᠡ ᠪᠡ ᠲᠤᠬᠢᠷᠠᠭᠤᠯᠤᠯᠲᠠ ᠬᠢᠭ᠍ᠰᠡᠨ ᠪᠠᠢ᠌ᠨ᠎ᠠ᠃ ᠮᠣᠩ᠋ᠭᠤᠯ ᠬᠢᠲᠠᠳ ᠬᠤᠤᠰ ᠬᠡᠯᠡᠨ ᠦ ᠰᠤᠷᠤᠭᠴᠢᠳ ᠤᠨ ᠰᠡᠳᠬᠢᠯᠭᠡ ᠶᠢᠨ ᠵᠢᠭᠠᠨ ᠰᠤᠷᠭᠠᠯᠲᠠ ᠨᠢ ᠡᠭᠦᠨ ᠦ ᠳᠤᠲᠤᠷᠠᠬᠢ ᠴᠢᠬᠤᠯᠠ ᠪᠦᠷᠢᠯᠳᠦᠭᠦᠨ ᠪᠤᠯᠤᠨ᠎ᠠ᠃ ᠵᠢᠭᠠᠨ ᠰᠤᠷᠭᠠᠯᠲᠠ ᠶᠢᠨ ᠦᠷ᠎ᠡ ᠠᠰᠢᠭ ᠢ ᠳᠡᠭᠡᠭ᠍ᠰᠢᠯᠡᠭᠦᠯᠬᠦ ᠴᠢᠬᠤᠯᠠ ᠠᠷᠭ᠎ᠠ ᠠᠪᠴᠠᠯ ᠪᠤᠯᠤᠭᠰᠠᠨ ᠮᠣᠩ᠋ᠭᠤᠯ ᠬᠢᠲᠠᠳ ᠬᠤᠤᠰ ᠬᠡᠯᠡᠨ ᠦ ᠰᠤᠷᠤᠭᠴᠢᠳ ᠤᠨ ᠰᠡᠳᠬᠢᠯᠭᠡ ᠶᠢᠨ ᠵᠢᠭᠠᠨ ᠰᠤᠷᠭᠠᠯᠲᠠ ᠨᠢ ᠦᠪᠡᠷ ᠦᠨ ᠢᠶᠡᠨ ᠲᠤᠭᠲᠠᠭᠰᠠᠨ ᠣᠨᠴᠠᠯᠢᠭ ᠲᠠᠢ ᠪᠠᠷ ᠪᠠᠷᠠᠬᠤ ᠦᠭᠡᠢ ᠮᠣᠩ᠋ᠭᠤᠯ ᠬᠢᠲᠠᠳ ᠬᠤᠤᠰ ᠬᠡᠯᠡᠨ ᠦ ᠰᠤᠷᠤᠭᠴᠢᠳ ᠤᠨ ᠲᠠᠨᠢᠨ ᠮᠡᠳᠡᠭᠦᠢ ᠶᠢᠨ ᠬᠦᠭ᠍ᠵᠢᠯᠲᠡ᠂ ᠨᠡᠢ᠌ᠭᠡᠮᠴᠢᠯᠡᠯᠲᠡ᠂ ᠡᠷᠡᠭᠦ ᠪᠦᠲᠦᠨ ᠵᠠᠩ ᠠᠷᠠᠨᠰᠢᠨ ᠤ ᠪᠦᠷᠢᠯᠳᠦᠬᠦ ᠪᠡ ᠵᠠᠩ ᠮᠤᠷᠠᠯ ᠤᠨ ᠲᠡᠭᠦᠯᠳᠡᠷᠵᠢᠬᠦ ᠶᠢ ᠲᠦᠥᠯᠬᠢᠨ ᠠᠭᠢᠭᠤᠯᠬᠤ ᠪᠤᠯᠤᠨ᠎ᠠ᠃ |
原文 |
查看原文
|
出自 |
中国蒙古学
2013年
第3期
|