论文信息


题名 ᠮᠤᠩᠭᠤᠯ ᠦᠨᠳᠦᠰᠦᠲᠡᠨ ᠳᠦ ᠬᠠᠮᠤᠭ ᠠᠩ᠋ᠬᠠᠨ ᠤ 《ᠬᠦᠬᠡ ᠳᠡᠪᠲᠡᠷ》ᠨᠡᠷᠡᠲᠦ ᠨᠤᠮ ᠪᠠᠶᠢᠭᠰᠠᠨ ᠡᠰᠡᠭᠦ ᠶᠢᠨ ᠲᠤᠬᠠᠢ ᠨᠤᠲᠠᠯᠠᠯᠲᠠ
作者 ᠪᠠᠳᠠᠷᠠᠬᠤ
关键词 《ᠬᠦᠬᠡ ᠳᠡᠪᠲᠡᠷ》; 《ᠮᠤᠩᠭᠤᠯ ᠤᠨ ᠨᠢᠭᠤᠴᠠ ᠲᠤᠪᠴᠢᠶᠠᠨ》; ᠮᠤᠩᠭᠤᠯ ᠦᠨᠳᠦᠰᠦᠲᠡᠨ
摘要 ᠰᠤᠷᠪᠤᠯᠵᠢ ᠪᠢᠴᠢᠭ᠌ ᠰᠤᠳᠤᠯᠤᠭᠴᠢᠳ ᠪᠠᠷ ᠦᠩᠭᠡᠷᠡᠭᠰᠡᠨ ᠳᠦ 《ᠮᠤᠨᠭᠭᠤᠯ ᠤᠨ ᠨᠢᠭᠤᠴᠠ ᠲᠤᠪᠴᠢᠶᠠᠨ》᠋ ᠳᠠᠬᠢ 《ᠬᠦᠬᠡ ᠳᠡᠪᠲᠡᠷ (ᠬᠦᠬᠡ ᠪᠢᠴᠢᠭ᠌)》ᠬᠡᠮᠡᠬᠦ ᠦᠭᠡ ᠶᠢᠨ ᠤᠭ ᠤᠳᠬ᠎ᠠ ᠶᠢ ᠨᠠᠷᠢᠪᠴᠢᠯᠠᠯ ᠦᠭᠡᠢ ᠪᠡᠷ 《ᠮᠤᠨᠭᠭᠤᠯᠴᠤᠳ ᠲᠤ 〈ᠬᠦᠬᠡ ᠳᠡᠪᠲᠡᠷ (ᠬᠦᠬᠡ ᠪᠢᠴᠢᠭ᠌)〉ᠬᠡᠮᠡᠬᠦ ᠰᠤᠷᠪᠤᠯᠵᠢ ᠪᠢᠴᠢᠭ᠌ ᠪᠠᠶᠢᠭᠰᠠᠨ》ᠭᠡᠬᠦ ᠪᠤᠷᠤᠭᠤ ᠳ᠋ᠦᠩᠨᠡᠯᠲᠡ ᠶᠢ ᠭᠠᠷᠭᠠᠭᠰᠠᠨ ᠪᠦᠭᠡᠳ ᠡᠨᠡ ᠬᠦ ᠪᠤᠷᠤᠭᠤ ᠤᠶᠢᠯᠠᠭᠠᠯᠲᠠ ᠨᠢ ᠤᠳᠤ ᠬᠦᠷᠲᠡᠯ᠎ᠡ ᠬᠦᠮᠦᠰ ᠢ ᠨᠦᠯᠦᠭᠡᠯᠡᠭᠰᠡᠭᠡᠷ ᠪᠠᠶᠢᠨ᠎ᠠ᠃ ᠪᠢᠳᠡ ᠮᠤᠨᠭᠭᠤᠯᠴᠤᠳ ᠤᠨ ᠬᠠᠮᠢᠶ᠎ᠠ ᠪᠦᠬᠦᠢ ᠰᠤᠶᠤᠯ ᠵᠠᠩᠰᠢᠯ ᠪᠢᠴᠢᠭ᠌ ᠮᠠᠲ᠋ᠧᠷᠢᠶᠠᠯ ᠰᠤᠷᠪᠤᠯᠵᠢ ᠪᠢᠴᠢᠭ᠌ ᠡᠴᠡ ᠭᠠᠷᠳᠠᠵᠤ᠂ 《ᠮᠤᠨᠭᠭᠤᠯ ᠤᠨ ᠨᠢᠭᠤᠴᠠ ᠲᠤᠪᠴᠢᠶᠠᠨ》᠋ ᠳᠤ ᠪᠢᠴᠢᠭᠳᠡᠭᠰᠡᠨ ᠤᠭ ᠦᠭᠦᠯᠡᠪᠦᠷᠢ ᠪᠠᠳᠠᠭ ᠢ ᠨᠠᠷᠢᠨ ᠰᠢᠭᠦᠵᠦ ᠤᠩᠰᠢᠭᠰᠠᠨ ᠰᠠᠭᠤᠷᠢᠨ ᠳᠡᠭᠡᠷ᠎ᠡ ᠡᠮᠦᠨᠡᠬᠢ ᠰᠤᠳᠤᠯᠤᠭᠴᠢᠳ ᠤᠨ ᠭᠠᠷᠭᠠᠭᠰᠠᠨ ᠦᠭᠦᠯᠡᠮᠵᠢ ᠶᠢᠨ ᠠᠯᠳᠠᠭ᠎ᠠ ᠪᠤᠷᠤᠭᠤ ᠶᠢ ᠭᠦᠢᠴᠡᠳ ᠲᠤᠩ᠋ᠭᠠᠨ ᠨᠤᠲᠠᠯᠠᠵᠤ᠂ ᠤᠤᠯ ᠬᠡᠯᠡᠯᠭᠡ ᠳᠦ ᠵᠦᠪ ᠲᠠᠶᠢᠯᠪᠤᠷᠢ ᠦᠭᠴᠦ ᠵᠦᠪᠳᠡᠭᠡᠨ ᠠᠪᠬᠤ ᠴᠢᠬᠤᠯᠠ ᠲᠠᠢ᠃
原文 查看原文
出自 中国蒙古学 2010年 第4期

联系我们


内蒙古大学图书馆
呼和浩特市大学西路235号
中国·内蒙古
P: (0471) 4992561
E: huangfeilong@imu.edu.cn