论文信息


题名 ᠭᠤᠷᠯᠤᠰ ᠠᠮᠠᠨ ᠶᠠᠷᠢᠶᠠᠨ ᠤ ᠤᠷᠳᠤ ᠡᠭᠡᠰᠢᠭ᠌ ᠤᠨ ᠲᠠᠭᠤᠨ ᠤ ᠤᠬᠠᠭᠠᠨ ᠤ ᠰᠤᠳᠤᠯᠤᠯ
作者 ᠨᠠᠷᠠᠩᠭ᠋ᠤᠣ᠎ᠠ
关键词 ᠭᠤᠷᠯᠤᠰ ᠠᠮᠠᠨ ᠶᠠᠷᠢᠶ᠎ᠠ; ᠤᠷᠳᠤ ᠡᠭᠡᠰᠢᠭ᠌; ᠲᠠᠭᠤᠨ ᠤ ᠤᠬᠠᠭᠠᠨ ᠤ ᠰᠤᠳᠤᠯᠤᠯ
摘要 ᠲᠠᠭᠤᠨ ᠤ ᠤᠬᠠᠭᠠᠨ ᠤ ᠭᠤᠷᠯᠤᠰ ᠠᠮᠠᠨ ᠶᠠᠷᠢᠶᠠᠨ ᠤ ᠤᠷᠳᠤ ᠡᠭᠡᠰᠢᠭ᠌ ᠢ ᠰᠢᠨᠵᠢᠬᠦ ᠳᠤ᠂ ᠭᠤᠷᠯᠤᠰ ᠠᠮᠠᠨ ᠶᠠᠷᠢᠶᠠᠨ ᠳᠤ ᠦᠭᠡ ᠶᠢᠨ ᠡᠬᠢᠨ ᠤ ᠦᠶ᠎ᠡ ᠶᠢᠨ ᠤᠷᠳᠤ ᠡᠭᠡᠰᠢᠭ᠌ ᠪᠠ ᠪᠤᠭᠤᠨᠢ ᠡᠭᠡᠰᠢᠭ᠌ ᠨᠢ ᠬᠡᠯᠡᠨ ᠤ ᠡᠷᠭᠦᠭ᠍ᠳᠡᠴᠡ ᠶᠢᠨ ᠲᠠᠯ᠎ᠠ ᠪᠡᠷ ᠵᠦᠷᠢᠶ᠎ᠡ ᠶᠡᠬᠡ ᠪᠢᠰᠢ᠂ ᠲᠠᠷᠤᠢ ᠠᠮᠠᠨ ᠤ ᠨᠡᠭᠡᠭᠡᠯᠳᠡ ᠶᠢᠨ ᠠᠭᠤᠤ ᠤᠢ᠌ᠳᠠᠨ ᠤ ᠵᠦᠷᠢᠶ᠎ᠡ ᠮᠠᠰᠢ ᠪᠠᠭ᠎ᠠ᠂ ᠭᠡᠳᠡᠯ᠎ᠡ ᠬᠡᠯᠡᠨ ᠤ ᠤᠷᠤᠭᠰᠢᠯᠠᠴᠠ ᠶᠢᠨ ᠲᠠᠯ᠎ᠠ ᠪᠡᠷ ᠢᠯᠡᠷᠬᠡᠢ ᠢᠯᠭᠠᠭ᠎ᠠ ᠲᠠᠢ ᠪᠠᠢ᠌ᠬᠤ ᠶᠢ ᠤᠯᠵᠤ ᠮᠡᠳᠡᠯ᠎ᠡ᠃ ᠵᠢᠷᠤᠭ ᠶᠢᠡᠷ ᠢᠯᠡᠷᠬᠡᠢ᠌ᠯᠡᠬᠦ ᠳᠤ ᠭᠤᠷᠯᠤᠰ ᠠᠮᠠᠨ ᠶᠠᠷᠢᠶᠠᠨ ᠤ ᠦᠭᠡ ᠶᠢᠨ ᠡᠬᠢᠨ ᠤ ᠦᠶ᠎ᠡ ᠶᠢᠨ ᠤᠷᠳᠤ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠨᠢ ᠦᠭᠡ ᠶᠢᠨ ᠡᠬᠢᠨ ᠤ ᠦᠶ᠎ᠡ ᠶᠢᠨ ᠬᠠᠷᠠᠭᠠᠯᠵᠠᠭᠰᠠᠨ ᠪᠤᠭᠤᠨᠢ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠡᠴᠡ ᠶᠡᠬᠡ᠃ ᠦᠭᠡ ᠶᠢᠨ ᠡᠬᠢᠨ ᠤ ᠪᠠ ᠡᠬᠢᠨ ᠤ ᠪᠤᠰᠤ ᠦᠶ᠎ᠡ ᠶᠢᠨ ᠤᠷᠳᠤ ᠡᠭᠡᠰᠢᠭ᠌ ᠨᠢ ᠮᠦᠨ ᠴᠤ ᠬᠡᠯᠡᠨ ᠤ ᠪᠠᠢ᠌ᠷᠢ ᠶᠢᠨ ᠲᠠᠯ᠎ᠠ ᠪᠡᠷ ᠵᠦᠷᠢᠶᠡᠨ ᠲᠠᠢ ᠪᠠᠢ᠌ᠵᠤ ᠶᠡᠷᠦᠩᠬᠡᠢ ᠳᠡᠭᠡᠨ ᠦᠭᠡ ᠶᠢᠨ ᠡᠬᠢᠨ ᠤ ᠪᠤᠰᠤ ᠦᠶ᠎ᠡ ᠶᠢᠨ ᠤᠷᠳᠤ ᠡᠭᠡᠰᠢᠭ᠌ ᠨᠢ ᠬᠡᠯᠡᠨ ᠤ ᠲᠦᠪ ᠤᠷᠤᠭᠤ ᠪᠠᠨ ᠰᠢᠯᠵᠢᠵᠦ ᠪᠠᠢ᠌ᠭ᠎ᠠ ᠪᠠᠢ᠌ᠳᠠᠯ ᠲᠠᠢ᠃ ᠵᠢᠷᠤᠭ ᠲᠦᠷᠰᠦ ᠡᠴᠡ ᠦᠵᠡᠪᠡᠯ ᠦᠭᠡ ᠶᠢᠨ ᠡᠬᠢᠨ ᠤ ᠪᠤᠰᠤ ᠦᠶ᠎ᠡ ᠶᠢᠨ ᠤᠷᠳᠤ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠨᠢ ᠦᠭᠡ ᠶᠢᠨ ᠡᠬᠢᠨ ᠤ ᠦᠶ᠎ᠡ ᠶᠢᠨ ᠬᠠᠷᠠᠭᠠᠯᠵᠠᠭᠰᠠᠨ ᠤᠷᠳᠤ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠡᠴᠡ ᠪᠠᠭ᠎ᠠ ᠪᠠᠢ᠌ᠬᠤ ᠨᠢ ᠲᠤᠳᠤᠷᠬᠠᠢ᠃
原文 查看原文
出自 中国蒙古学 2012年 第1期

联系我们


内蒙古大学图书馆
呼和浩特市大学西路235号
中国·内蒙古
P: (0471) 4992561
E: huangfeilong@imu.edu.cn