摘要 |
ᠨᠡᠢᠭᠡᠮ᠂ ᠰᠤᠶᠤᠯ ᠤᠨ ᠬᠦᠭᠵᠢᠯᠲᠡ ᠶᠢ ᠳᠠᠭᠠᠯᠳᠤᠨ ᠮᠣᠩᠭᠤᠯ ᠬᠡᠯᠡᠨ ᠳᠦ ᠮᠠᠰᠢ ᠣᠯᠠᠨ ᠰᠢᠨ᠎ᠡ ᠬᠡᠷᠡᠭ ᠪᠤᠳᠠᠰ᠂ ᠰᠢᠨ᠎ᠡ ᠦᠵᠡᠭᠳᠡᠯ᠂ ᠰᠢᠨ᠎ᠡ ᠳᠦᠷᠢᠮ ᠢ ᠳᠤᠰᠬᠠᠭᠰᠠᠨ ᠰᠢᠨ᠎ᠡ ᠦᠭᠡᠰ ᠪᠤᠢ ᠪᠤᠯᠵᠤ ᠪᠤᠢ᠃ ᠰᠢᠨ᠎ᠡ ᠡᠷᠢᠨ ᠳᠡᠬᠢ 《ᠦᠪᠦᠷ ᠮᠣᠩᠭᠤᠯ ᠤᠨ ᠡᠳᠦᠷ ᠦᠨ ᠰᠤᠨᠢᠨ》 ᠵᠡᠷᠭᠡ ᠮᠣᠩᠭᠤᠯ ᠰᠤᠨᠢᠨ ᠳᠤ ᠢᠯᠡᠷᠡᠭᠰᠡᠨ ᠰᠢᠨ᠎ᠡ ᠦᠭᠡ ᠶᠢᠨ ᠵᠢᠱᠢᠶᠡᠨ ᠡᠴᠡ ᠦᠵᠡᠪᠡᠯ᠂ ᠬᠡᠯᠡ ᠰᠢᠨᠵᠢᠯᠡᠯ᠂ ᠣᠷᠴᠢᠭᠤᠯᠭ᠎ᠠ ᠶᠢᠨ ᠤᠬᠠᠭᠠᠨ ᠤ ᠬᠠᠷᠠᠭᠠᠰᠤ ᠠᠴᠠ ᠮᠣᠩᠭᠤᠯ ᠬᠡᠯᠡᠨ ᠳᠡᠬᠢ ᠰᠢᠨ᠎ᠡ ᠦᠭᠡ ᠶᠢᠨ ᠣᠷᠴᠢᠭᠤᠯᠭ᠎ᠠ ᠶᠢᠨ ᠠᠷᠭ᠎ᠠ᠂ ᠣᠷᠴᠢᠭᠤᠯᠭ᠎ᠠ ᠳᠤ ᠣᠷᠤᠰᠢᠵᠤ ᠪᠠᠢᠭ᠎ᠠ ᠠᠰᠠᠭᠤᠳᠠᠯ ᠢ ᠵᠠᠳᠠᠯᠤᠨ ᠰᠢᠨᠵᠢᠯᠡᠵᠦ᠂ ᠰᠢᠨ᠎ᠡ ᠦᠭᠡ ᠶᠢᠨ ᠣᠷᠴᠢᠭᠤᠯᠭ᠎ᠠ ᠳᠤ ᠮᠣᠩᠭᠤᠯ ᠬᠡᠯᠡᠨ ᠦ ᠬᠡᠷᠡᠭᠯᠡᠭᠡᠨ ᠦ ᠵᠠᠩᠰᠢᠯ ᠢ ᠪᠠᠷᠢᠮᠲᠠᠯᠠᠬᠤ᠂ ᠲᠤᠪᠴᠢ ᠠᠪᠰᠠᠷ ᠪᠠᠢᠬᠤ ᠶᠢ ᠠᠩᠬᠠᠷᠬᠤ᠂ ᠲᠤᠯᠢ ᠪᠢᠴᠢᠭ᠂ ᠠᠯᠪᠠᠨ ᠠᠴᠠ ᠲᠤᠭᠲᠠᠭᠠᠭᠰᠠᠨ ᠰᠢᠨ᠎ᠡ ᠦᠭᠡ ᠨᠡᠷ᠎ᠡ ᠲᠤᠮᠢᠶ᠎ᠠ ᠶᠢ ᠠᠩᠬᠠᠷᠤᠨ ᠠᠰᠢᠭᠯᠠᠪᠠᠯ ᠵᠤᠬᠢᠨ᠎ᠠ᠃ |