摘要 |
《ᠴᠠᠭ᠋ᠠᠨ ᠲᠡᠤᠭᠡ》᠋ ᠶᠢᠨ ᠵᠤᠬᠢᠶᠠᠭᠴᠢ ᠬᠢᠭᠡᠳ ᠵᠤᠬᠢᠶᠠᠭᠳᠠᠭᠰᠠᠨ ᠴᠠᠭ ᠦᠶ᠎ᠡ ᠶᠢᠨ ᠲᠤᠬᠠᠢ ᠡᠷᠳᠡᠮᠳᠡᠳ ᠤᠨ ᠰᠠᠠᠨ᠋ᠠᠯ ᠶᠡᠷᠦ ᠨᠢ ᠨᠢᠭᠡᠳᠤᠯ ᠦᠭᠡᠢ ᠪᠠᠢᠭᠰᠠᠭ᠋ᠠᠷ᠃ ᠪᠢᠳᠡᠨ ᠤ ᠦᠵᠡᠬᠦ ᠪᠡᠷ 《ᠴᠠᠭ᠋ᠠᠨ ᠲᠡᠤᠭᠡ》᠋ ᠶᠢᠨ ᠠᠩᠬ᠎ᠠ ᠵᠤᠬᠢᠶᠠᠭᠴᠢ ᠪᠤᠯ ᠬᠤᠪᠢᠯᠡᠢ ᠬᠠᠭ᠋ᠠᠨ ᠤ ᠦᠶ᠎ᠡ ᠳᠤ ᠠᠮᠢᠳᠤᠷᠠᠵᠦ ᠠᠭᠰᠠᠨ ᠨᠡᠷ᠎ᠡ ᠨᠢ ᠦᠯᠦ ᠮᠡᠳᠡᠭᠳᠡᠬᠦ ᠬᠦᠮᠦᠨ ᠪᠤᠯᠤᠨ᠎ᠠ᠃ ᠬᠠᠷᠢᠨ ᠮᠠᠨ ᠤ ᠦᠶ᠎ᠡ ᠳᠤ ᠤᠯᠠᠮᠵᠢᠯᠠᠭᠳᠠᠵᠦ ᠢᠷᠡᠭᠰᠡᠨ 《 ᠴᠠᠭ᠋ᠠᠨ ᠲᠠᠤᠭᠡ》 ᠶᠢᠨ ᠵᠤᠬᠢᠶᠠᠭᠴᠢ ᠪᠤᠯ ᠬᠤᠳᠤᠭᠳᠠᠢ ᠰᠡᠴᠡᠨ ᠬᠤᠩ ᠲᠠᠢᠵᠢ ᠮᠦᠨ᠃ ᠬᠤᠳᠤᠭᠳᠠᠢ ᠰᠡᠴᠡᠨ ᠬᠤᠩ ᠲᠠᠢᠵᠢ ᠬᠤᠪᠢᠯᠡᠢ ᠬᠠᠭ᠋ᠠᠨ ᠤ ᠦᠶ᠎ᠡ ᠳᠤ ᠵᠤᠬᠢᠶᠠᠭᠳᠠᠭᠰᠠᠨ 《 ᠴᠠᠭ᠋ᠠᠨ ᠲᠡᠤᠭᠡ》 ᠪᠡ 《ᠪᠢᠷᠠᠨ᠋ᠠᠰᠢ ᠶᠢᠨ ᠬᠠᠤᠴᠢᠨ ᠰᠤᠳᠤᠷ》᠋ ᠋ ᠢ ᠠᠰᠢᠭᠯᠠᠨ ᠬᠡᠷᠡᠭᠯᠡᠵᠦ 《 ᠠᠷᠪᠠᠨ ᠪᠤᠶᠠᠨᠳᠤ ᠨᠤᠮ ᠤᠨ ᠴᠠᠭ᠋ᠠᠨ ᠲᠡᠤᠭᠡ》 ᠵᠢ ᠨᠠᠢᠷᠠᠭ᠋ᠤᠯᠤᠨ ᠵᠤᠬᠢᠶᠠᠭᠰᠠᠨ ᠪᠠᠢᠳᠠᠭ᠃ ᠲᠡᠷᠡ ᠬᠦ ᠪᠤᠳᠡᠳᠡᠢ ᠴᠠᠭ ᠦᠶ᠎ᠡ ᠨᠢ 1578-1586 ᠤᠨ ᠤ ᠬᠤᠭ᠋ᠤᠷᠤᠨᠳᠤ ᠪᠤᠯᠤᠨ᠎ᠠ᠃ |