摘要 |
《ᠲᠠᠲ᠋ᠠᠷ》ᠬᠡᠭᠦ ᠨᠡᠷ ᠡ ᠶᠢᠨ ᠳᠡᠯᠭᠡᠷᠡᠩᠬᠦᠢ ᠤᠳᠬ ᠠ ᠪᠠ ᠢᠪᠴᠤᠤ ᠤᠳᠬ ᠠ ᠬᠤᠶᠠᠷ ᠵᠦᠢᠯᠯ ᠤᠨ ᠠᠭᠤᠯᠤᠭᠳᠠᠬᠤᠨ ᠲᠠᠢ᠂ 《ᠲᠠᠲ᠋ᠠᠷ》᠋ ᠤᠨ ᠨᠤᠶᠠᠷᠬᠠᠯ ᠤᠨ ᠰᠦᠷ ᠬᠦᠴᠦᠨ ᠦ ᠬᠦᠷᠢᠶ ᠡ ᠬᠡᠪᠴᠢᠶ ᠡ ᠶᠢᠨ ᠦᠷᠬᠡᠵᠢᠯ ᠢ ᠲᠠᠭᠠᠯᠳᠤᠨ 《ᠲᠠᠲ᠋ᠠᠷ》ᠬᠡᠳᠡᠭ ᠨᠢ ᠠᠢ᠌ᠮᠠᠭ ᠤᠨ ᠨᠡᠷ ᠡ ᠡᠴᠡ ᠪᠡᠨ ᠠᠢ᠌ᠮᠠᠭ ᠤᠭᠰᠠᠭ᠎ᠠ ᠶᠢᠨ ᠶᠡᠷᠦᠩᠬᠡᠢ ᠨᠡᠷᠡᠢ᠌ᠳᠦᠯ ᠪᠤᠯᠵᠤ ᠬᠪᠢᠷᠠᠵᠠᠢ᠃ ᠮᠣᠩᠭᠣᠯ ᠬᠠᠭᠠᠨᠳᠤ ᠤᠯᠤᠰ ᠪᠠᠢ᠌ᠭᠤᠯᠤᠭᠳᠠᠭᠰᠠᠨ ᠦ ᠲᠠᠷᠠᠭ᠎ᠠ᠂ ᠲᠠᠲ᠋ᠠᠷ ᠠᠢ᠌ᠮᠠᠭ ᠤᠨ ᠰᠦᠷ ᠬᠦᠴᠦᠨ ᠲᠠᠷᠤᠭᠳᠠᠵᠤ ᠮᠣᠩᠭᠣᠯ ᠤᠨ ᠨᠢᠭᠡᠨ ᠠᠢᠮ᠌ᠠᠭ ᠪᠤᠯᠵᠤ᠂ 《ᠲᠠᠲ᠋ᠠᠷ》ᠬᠡᠳᠡᠭ ᠮᠣᠩᠭᠣᠯ ᠤᠷᠤᠨ ᠳᠤ ᠢᠪᠴᠤᠤ ᠤᠳᠬ ᠠ ᠪᠡᠷ ᠭᠡᠷᠡᠭᠯᠡᠭᠳᠡᠬᠦ ᠪᠤᠯᠵᠠᠢ᠃ ᠳᠤᠮᠳᠠᠳᠤ ᠡᠷᠳᠡᠨ ᠦ ᠬᠢᠲᠠᠳ ᠲᠡᠦᠬᠡᠴᠢᠳ ᠤᠯᠠᠮᠵᠢᠯᠠᠯ ᠶᠢᠨᠷ ᠤᠮᠠᠷᠠᠳᠤ ᠶᠢᠨ ᠦᠨᠳᠦᠰᠦᠳᠡᠨ ᠤᠭᠰᠠᠭᠠᠲᠠᠨ ᠢ ᠪᠦᠬᠦᠢ᠌ᠯᠡ ᠳᠤᠨᠢ 《ᠲᠠᠲ᠋ᠠᠷ》ᠬᠡᠵᠦ ᠳᠠᠭᠤᠳᠠᠵᠤ《ᠲᠠᠲ᠋ᠠᠷ》ᠨᠡᠷ ᠡ ᠪᠡᠷ ᠮᠣᠩᠭᠣᠯ ᠢ ᠴᠤ ᠤᠷᠤᠯᠠᠨ ᠵᠢᠭᠠᠳᠠᠭ ᠪᠠᠢ᠌ᠵᠠᠢ᠃ |