题名 |
ᠢᠨᠦ ᠦᠶᠧ ᠶᠡᠰᠧᠰᠢ ᠶᠢᠨ 《ᠪᠦᠷᠳᠡ ᠴᠢᠨᠤ᠎ᠠ》ᠲᠡᠦᠬᠡᠨ ᠷᠤᠮᠠᠨ ᠤ ᠬᠦᠦᠷᠨᠢᠭᠦᠢ ᠤᠷᠠᠯᠢᠭ |
作者 |
ᠰᠢᠶᠤᠤ ᠬᠤᠸᠠ |
关键词 |
ᠢᠨᠤ ᠦᠶᠧ ᠶᠡᠰᠧᠰᠢ; 《ᠪᠦᠷᠳᠡ ᠴᠢᠨᠤ᠎ᠠ》; ᠴᠢᠩᠭᠢᠰ ᠬᠠᠭᠠᠨ ᠤ ᠤᠷᠠᠨ ᠳᠦᠷᠢ |
摘要 |
《ᠪᠦᠷᠳᠡ ᠴᠢᠨᠤ᠎ᠠ》ᠭᠡᠳᠡᠭ ᠷᠤᠮᠠᠨ ᠪᠤᠯ ᠶᠠᠫᠤᠨ ᠤ ᠠᠯᠳᠠᠷᠲᠤ ᠵᠤᠬᠢᠶᠠᠯᠴᠢ ᠢᠨᠤ ᠦᠶᠧ ᠶᠡᠰᠧᠰᠢ ᠶᠢᠨ 《ᠮᠣᠩ᠋ᠭᠤᠯ ᠤᠨ ᠨᠢᠭᠤᠴᠠ ᠲᠤᠪᠴᠢᠶᠠᠨ》᠋ ᠤ ᠠᠭᠤᠯᠭ᠎ᠠ ᠶᠢ ᠦᠨᠳᠦᠰᠦᠯᠡᠵᠦ᠂ ᠴᠢᠩᠭᠢᠰ ᠦᠨ ᠨᠢᠭᠡ ᠨᠠᠰᠤᠨ ᠤ ᠦᠢᠯᠡ ᠠᠵᠢᠯᠯᠠᠭ᠎ᠠ ᠪᠠᠷ ᠰᠦᠪᠡᠭ᠍ᠴᠢ ᠪᠤᠯᠭᠠᠵᠤ᠂ ᠮᠣᠩ᠋ᠭᠤᠯ ᠦᠨᠳᠦᠰᠦᠲᠡᠨ ᠦ ᠡᠭᠦᠰᠦᠯ ᠮᠡᠨᠳᠦᠯ ᠦᠨ ᠲᠡᠦᠬᠡ ᠶᠢ ᠳᠡᠯᠭᠡᠨ ᠦᠵᠡᠭᠦᠯᠦᠭᠰᠡᠨ ᠨᠠᠮᠳᠠᠷ ᠤᠨ ᠰᠢᠨᠵᠢ ᠲᠡᠢ ᠲᠡᠦᠬᠡᠨ ᠷᠤᠮᠠᠨ ᠪᠤᠯᠤᠨ᠎ᠠ᠃ ᠲᠤᠰ ᠦᠭᠦᠯᠡᠯ ᠳᠦ ᠢᠨᠦ ᠦᠶᠧ ᠶᠡᠰᠧᠰᠢ ᠶᠢᠨ 《ᠪᠦᠷᠳᠡ ᠴᠢᠨᠤ᠎ᠠ》ᠷᠤᠮᠠᠨ ᠤ ᠬᠦᠦᠷᠨᠢᠭᠦᠢ ᠤᠷᠠᠯᠢᠭ ᠲᠤ ᠰᠢᠨᠵᠢᠯᠡᠯ ᠬᠢᠵᠡᠢ᠃ ᠷᠤᠮᠠᠨ ᠳᠤ ᠴᠢᠩᠭᠢᠰ ᠬᠠᠭᠠᠨ ᠤ ᠤᠷ᠎ᠠ ᠳᠦᠷᠢ ᠶᠢ ᠪᠦᠲᠦᠭᠡᠬᠦ ᠳᠡᠭᠡᠨ ᠭᠤᠤᠯᠳᠠᠭᠤ ᠳᠦᠷᠢ ᠶᠢᠨ ᠳᠤᠲᠤᠭᠠᠳᠤ ᠦᠵᠡᠯ ᠰᠡᠳᠬᠢᠯᠭᠡ ᠶᠢᠨ ᠢᠯᠡᠷᠡᠭᠦᠯᠦᠯ ᠪᠤᠯᠤᠨ ᠲᠡᠦᠬᠡᠲᠦ ᠬᠡᠷᠡᠭ ᠦᠨ ᠤᠷᠠᠯᠢᠭᠵᠢᠭᠤᠯᠤᠯ ᠵᠡᠷᠭᠡ ᠦᠪᠡᠷᠮᠢᠴᠡ ᠨᠢᠭᠡᠨ ᠤᠷᠠᠯᠢᠭ ᠤᠨ ᠠᠷᠭ᠎ᠠ ᠶᠢ ᠬᠡᠷᠡᠭᠯᠡᠵᠦ᠂ 《ᠪᠦᠷᠳᠡ ᠴᠢᠨᠤ᠎ᠠ》ᠭᠡᠬᠦ ᠲᠡᠦᠬᠡᠨ ᠷᠤᠮᠠᠨ ᠳᠠᠬᠢ ᠴᠢᠩᠭᠢᠰ ᠬᠠᠭᠠᠨ ᠤ ᠤᠷᠠᠨ ᠳᠦᠷᠢ ᠶᠢ ᠦᠪᠡᠷᠮᠢᠴᠡ ᠣᠨᠴᠠᠯᠢᠭ ᠪᠦᠬᠦᠢ ᠴᠢᠰᠦ ᠮᠢᠬ᠎ᠠ ᠲᠠᠢ ᠪᠤᠰᠤᠭᠠᠯᠵᠢᠨ ᠳᠦᠷᠢ ᠪᠤᠯᠭᠠᠨ ᠤᠷᠠᠯᠢᠭᠵᠢᠭᠤᠯᠪᠠ᠃ |
原文 |
查看原文
|
出自 |
中国蒙古学
2013年
第6期
|