摘要 |
20 ᠳ᠋ᠤᠭᠠᠷ ᠵᠠᠭᠤᠨ ᠦ ᠳᠠᠯᠠᠭᠠᠳ ᠤᠨ ᠡᠴᠡ ᠤᠯᠠᠨ ᠮᠣᠩᠭ᠋ᠣᠯᠴᠢ ᠡᠷᠳᠡᠮᠳᠡᠳ 《ᠰᠢᠨ᠎ᠡ ᠤᠷᠴᠢᠭᠤᠯᠤᠭᠰᠠᠨ〈ᠬᠤᠩ ᠯᠸᠦ ᠮᠸᠩ ᠪᠢᠴᠢᠭ᠌〉》 ᠤᠨ ᠵᠤᠬᠢᠶᠠᠯᠴᠢ ᠬᠠᠰᠪᠤ ᠶᠢ ᠠᠩᠬᠠᠨ ᠳᠠᠨᠢᠵᠤ ᠮᠡᠳᠡᠭᠰᠡᠨ ᠡᠴᠡ ᠨᠠᠭᠠᠰᠢ ᠬᠠᠰᠪᠤ ᠪᠠ ᠲᠡᠭᠦᠨ ᠦ ᠤᠷᠠᠨ ᠶᠢᠨᠷ ᠥᠭᠥᠯᠡᠬᠦ ᠠᠷᠭ᠎ᠠ ᠶᠢ ᠰᠤᠳᠤᠯᠵᠤ ᠡᠬᠢᠯᠡᠵᠠᠢ᠃ ᠤᠢ᠌ᠷ ᠠ ᠶᠢᠨ ᠵᠢᠯ ᠳᠤ ᠬᠠᠰᠪᠤ ᠶᠢᠨ ᠤᠷᠠᠨ ᠶᠢᠨᠷ ᠥᠭᠥᠯᠡᠬᠦ ᠠᠷᠭ᠎ᠠ ᠶᠢᠨ ᠰᠤᠳᠤᠯᠭᠠᠨ ᠦ ᠬᠠᠷᠠᠭᠠᠰᠤ ᠴᠢᠭ᠌ ᠤᠯᠠᠰᠢᠷᠠᠨ᠂ ᠬᠠᠰᠪᠤ ᠶᠢᠨ ᠲᠤᠭᠤᠵᠢᠰ ᠤᠨ ᠤᠨᠤᠯ《ᠤᠷᠠᠨ》 ᠦ ᠭᠤᠤ ᠠ᠂ ᠰᠢᠭᠦᠮᠵᠢ ᠶᠢᠨ ᠰᠤᠷᠳᠠᠯ᠂ ᠵᠤᠬᠢᠶᠠᠯ ᠤᠨ ᠪᠠᠭᠠᠳᠤᠷ ᠤᠨ ᠦᠵᠡᠯᠲᠡ ᠵᠢᠴᠢ ᠤᠷᠠᠨ ᠵᠤᠬᠢᠶᠠᠯ
ᠪᠠ ᠤᠷᠠᠨ ᠵᠢᠷᠤᠭ ᠤᠨ ᠬᠠᠷᠢᠴᠠᠭᠠᠨ ᠦ ᠦᠭᠦᠯᠡᠯᠲᠡ ᠵᠡᠷᠭᠡ ᠲᠠᠯ ᠠ ᠪᠠᠷ ᠰᠤᠳᠤᠯᠭᠠᠨ ᠤᠯᠠᠮ ᠭᠦᠨᠵᠡᠭᠡᠢ᠌ᠷᠡᠵᠦ ᠴᠢᠳᠠᠭᠰᠠᠨ ᠪᠠᠢ᠌ᠨ᠎ᠠ᠃ ᠬᠠᠰᠪᠤ ᠰᠤᠳᠤᠯᠭᠠᠨ ᠦ ᠡᠳᠡᠭᠡᠷ ᠤᠯᠠᠨ ᠦᠨᠡᠲᠤ ᠦᠪ ᠨᠢ ᠮᠣᠩᠭᠣᠯ ᠵᠤᠬᠢᠶᠠᠯ ᠤᠨ ᠤᠨᠤᠯ ᠰᠢᠭᠦᠮᠵᠢᠡᠯᠡᠯ ᠤᠨ ᠰᠤᠳᠤᠯᠭᠠᠨ᠂ ᠮᠣᠩᠭᠣᠯ ᠵᠤᠬᠢᠶᠠᠯ ᠲᠤᠭᠤᠷᠪᠢᠬᠤ ᠪᠤᠳᠠᠳᠤ ᠦᠢᠯᠡᠳᠦᠯᠭᠡ ᠳᠤᠮᠳᠠ ᠴᠤ ᠪᠠᠲᠤ ᠰᠠᠭᠤᠷᠢ ᠶᠢ ᠴᠤᠭᠴᠠᠯᠠᠵᠤ ᠴᠢᠳᠠᠵᠠᠢ᠃ |