摘要 |
ᠮᠣᠩ᠋ᠭᠤᠯ ᠭᠡᠷ ᠦᠨ ᠡᠭᠦᠰᠦᠯ ᠨᠢ ᠤᠮᠠᠷᠠᠲᠤ ᠶᠢᠨ ᠠᠩᠴᠢᠨ ᠨᠡᠭᠦᠳᠡᠯᠴᠢᠨ ᠣᠯᠠᠨ ᠤᠭᠰᠠᠭᠠᠲᠠᠳ ᠲᠠᠢ ᠬᠤᠯᠪᠤᠭᠳᠠᠬᠤ ᠲᠤᠯᠠ ᠠᠩᠨᠠᠯ ᠠᠵᠤ ᠪᠠᠢ᠌ᠳᠠᠯ ᠢᠶᠠᠨ ᠤᠷᠲᠤ ᠬᠤᠭᠤᠴᠠᠭ᠎ᠠ ᠪᠠᠷ ᠡᠷᠬᠢᠯᠡᠭᠰᠡᠭᠡᠷ ᠢᠷᠡᠭᠰᠡᠨ ᠤᠷᠴᠤᠨᠴᠤᠳ᠂ ᠡᠸᠡᠩᠭᠢᠴᠦᠳ ᠦᠨ ᠬᠡᠯᠡ ᠶᠠᠷᠢᠶᠠᠨ ᠠᠴᠠ ᠭᠡᠷ ᠦᠨ ᠲᠡᠦᠬᠡᠨ ᠬᠦᠭ᠍ᠵᠢᠯ ᠢ ᠲᠤᠳᠤᠯᠠᠬᠤ ᠳᠤ ᠠᠰᠢᠭᠯᠠᠭᠳᠠᠬᠤ ᠪᠠᠷᠢᠮᠲᠠ ᠨᠤᠭᠤᠳ ᠢ ᠢᠯᠡᠷᠡᠭᠦᠯᠵᠦ ᠪᠤᠯᠤᠨ᠎ᠠ᠃ ᠽᠦ᠋᠂ ᠲᠧᠷᠢᠸᠤᠨ᠂ ᠦᠷᠺ᠂ ᠮᠠᠯᠤ ᠵᠡᠷᠭᠡ ᠨᠡᠷᠡᠰ ᠨᠢ ᠬᠠᠨᠠᠲᠤ ᠭᠡᠷ ᠡᠴᠡ ᠡᠮᠦᠨᠡᠬᠢ ᠪᠤᠶᠤ ᠬᠠᠨᠠᠲᠤ ᠭᠡᠷ ᠲᠦ ᠰᠢᠯᠵᠢᠵᠦ ᠪᠠᠢ᠌ᠬᠤ ᠶᠠᠪᠤᠴᠠ ᠶᠢᠨ ᠳᠤᠮᠳᠠ ᠬᠡᠷᠡᠭᠯᠡᠭᠳᠡᠵᠦ ᠪᠠᠢ᠌ᠭᠰᠠᠨ ᠦᠭᠡᠰ ᠪᠤᠯᠤᠨ᠎ᠠ᠃ ᠲᠡᠢ᠌ᠮᠦ ᠡᠴᠡ ᠲᠡᠳᠡᠭᠡᠷ ᠦᠭᠡᠰ ᠢ ᠵᠠᠳᠠᠯᠤᠨ ᠰᠢᠨᠵᠢᠯᠡᠬᠦ ᠨᠢ ᠮᠣᠩ᠋ᠭᠤᠯ ᠭᠡᠷ ᠦᠨ ᠡᠭᠦᠰᠦᠯ ᠬᠦᠭ᠍ᠵᠢᠯ ᠦᠨ ᠲᠡᠦᠬᠡ ᠶᠢ ᠰᠤᠳᠤᠯᠬᠤ ᠳᠤ ᠦᠨ᠎ᠡ ᠴᠠᠨ᠎ᠠ ᠲᠠᠢ ᠪᠠᠷᠢᠮᠲᠠ ᠨᠤᠭᠤᠳ ᠢ ᠣᠯᠭᠤᠬᠤ ᠪᠤᠯᠤᠮᠵᠢ ᠪᠤᠢ ᠬᠡᠮᠡᠨ ᠦᠵᠡᠨ᠎ᠡ᠃ |