摘要 |
《ᠬᠣᠭᠤᠯᠠ》ᠪᠠ 《ᠪᠣᠳᠠᠭ᠎ᠠ》ᠨᠢ ᠡᠷᠲᠡᠨ ᠳᠡᠭᠡᠨ ᠲᠤᠰ ᠲᠤᠰ ᠤᠨ ᠪᠡᠶ ᠡ ᠪᠠᠨ ᠲᠠᠭᠠᠭᠠᠭᠰᠠᠨ ᠤᠳᠬ ᠠ ᠲᠠᠢ ᠪᠠᠢᠢᠵᠤ᠂ ᠤᠳᠭ ᠠ ᠦᠢᠯᠡᠳᠦᠯ ᠤᠨ ᠲᠠᠯ ᠠ ᠪᠡᠷ ᠡᠨᠡ ᠬᠣᠶᠠᠷ ᠦᠭᠡ ᠡᠷᠲᠡᠨ ᠤ ᠮᠣᠩᠭ᠋ᠤᠯ ᠬᠡᠯᠡᠨ ᠳᠤ ᠠᠳᠠᠯᠢ ᠪᠣᠰᠤ ᠤᠳᠬ ᠠ ᠪᠡᠷ ᠬᠡᠷᠡᠭᠯᠡᠭᠳᠡᠵᠦ ᠪᠠᠢᠢᠵᠠᠢ᠃《ᠬᠣᠭᠤᠯᠠ》ᠭᠡᠵᠦ ᠭᠣᠣᠯᠳᠠᠭᠤ《ᠪᠣᠯᠭᠤᠭᠰᠠᠨ ᠢᠳᠡᠭᠡᠨ》ᠢ ᠵᠢᠭᠠᠳᠠᠭ ᠪᠣᠯ《ᠪᠣᠳᠠᠭ᠎ᠠ》 ᠭᠡᠵᠦ ᠭᠣᠣᠯᠳᠠᠭᠤ《ᠰᠢᠩᠭᠡᠨ ᠪᠣᠳᠠᠭ᠎ᠠ 》ᠵᠢ ᠵᠢᠭᠠᠵᠤ ᠪᠠᠢᠢᠭᠰᠠᠨ ᠪᠣᠯᠤᠯᠲᠠᠢ᠃ ᠰᠡᠭᠦᠯᠡᠷ ᠨᠢ ᠬᠦᠮᠦᠰ ᠤᠨ ᠰᠡᠳᠭᠢᠬᠦᠢ᠂ ᠠᠮᠢᠳᠤᠷᠠᠯ ᠤᠨ ᠵᠠᠩᠰᠢᠯ ᠢ ᠲᠠᠭᠠᠯᠳᠤᠨ《ᠪᠣᠳᠠᠭ᠎ᠠ》ᠭᠡᠬᠦ ᠦᠭᠡᠨ ᠳᠤ ᠶᠡᠬᠡᠬᠡᠨ ᠬᠣᠪᠢᠷᠠᠯᠲᠠ ᠭᠠᠷᠴᠤ ᠤᠳᠬ ᠠ ᠨᠢ ᠦᠷᠭᠡᠵᠢᠭᠡᠳ《ᠬᠣᠭᠤᠯᠠ》ᠭᠡᠳᠡᠭ ᠦᠭᠡ ᠲᠠᠢ ᠵᠠᠷᠢᠮ ᠲᠠᠯ ᠠ ᠪᠡᠷ ᠲᠠᠪᠬᠤᠷᠳᠠᠬᠤ ᠪᠣᠯᠵᠠᠢ᠃ ᠡᠢᠢᠨ ᠬᠦ 《ᠪᠣᠳᠠᠭ᠎ᠠ》ᠨᠢ《ᠬᠣᠭᠤᠯᠠ》 ᠪᠣᠶᠤ ᠪᠣᠰᠤᠳ ᠠᠮᠤ ᠭᠡᠬᠦ ᠮᠡᠲᠦ ᠶᠢᠨ ᠦᠭᠡᠰ ᠲᠠᠢ ᠬᠣᠷᠰᠢᠵᠤ《ᠬᠣᠭᠤᠯᠠ ᠪᠣᠳᠠᠭ᠎ᠠ》᠂《ᠠᠮᠤ ᠪᠣᠳᠠᠭ᠎ᠠ》ᠬᠡᠮᠡᠨ ᠬᠡᠷᠡᠭᠯᠡᠭᠳᠡᠬᠦ ᠪᠣᠯᠵᠠᠢ᠃ |