题名 |
ᠮᠣᠩᠭᠤᠯ ᠪᠦᠬᠡ ᠮᠦᠷᠭᠦᠯ ᠦᠨ ᠪᠦᠬᠡ ᠪᠤᠯᠬᠤ ᠶᠤᠰᠤᠨ ᠤ ᠵᠠᠮ ᠮᠦᠷ ᠢ ᠬᠠᠢᠬᠤ ᠨᠢ |
作者 |
ᠰᠠᠷᠠᠭᠤᠯ |
关键词 |
ᠮᠣᠩᠭᠤᠯ ᠪᠦᠬᠡ ᠮᠦᠷᠭᠦᠯ; ᠪᠦᠬᠡ ᠪᠤᠯᠬᠤ ᠶᠤᠰᠤᠨ; ᠬᠦᠭᠵᠢᠯ ᠦᠨ ᠵᠠᠮ ᠮᠦᠷ |
摘要 |
ᠣᠪᠤᠭ ᠤᠨ ᠪᠠᠢᠭᠤᠯᠤᠯ ᠤᠨ ᠦᠶ᠎ᠡ ᠳᠦ ᠡᠭᠦᠰᠦᠭᠰᠡᠨ ᠪᠦᠬᠡ ᠮᠦᠷᠭᠦᠯ ᠠᠩᠬᠠᠨ ᠦᠶ᠎ᠡ ᠣᠪᠤᠭᠲᠠᠨ ᠤ ᠳᠤᠲᠤᠷ᠎ᠠ ᠪᠠᠨ ᠦᠶ᠎ᠡ ᠵᠠᠯᠭᠠᠮᠵᠢᠯᠠᠵᠤ ᠤᠭ ᠢᠶᠠᠨ ᠳᠠᠭᠠᠵᠤ ᠪᠦᠬᠡ ᠪᠤᠯᠳᠠᠭ ᠪᠠᠢᠭᠰᠠᠨ ᠠᠴᠠ ᠪᠠᠨ ᠣᠪᠤᠭ ᠤᠨ ᠵᠠᠳᠠᠷᠠᠯ ᠢ ᠳᠠᠭᠠᠯᠳᠤᠨ ᠨᠡᠢᠭᠡᠮ ᠡᠴᠡ ᠲᠤᠳᠤᠷᠠᠭᠤᠯᠬᠤ ᠬᠡᠯᠪᠡᠷᠢ ᠪᠡᠷ ᠪᠦᠬᠡ ᠪᠤᠯᠳᠠᠭ ᠪᠤᠯᠤᠭᠰᠠᠨ ᠪᠠᠢᠨ᠎ᠠ᠃ 《ᠪᠦᠬᠡ ᠶᠢᠨ ᠡᠪᠡᠳᠴᠢᠨ》 ᠳᠤᠰᠴᠦ ᠪᠦᠬᠡ ᠪᠤᠯᠳᠠᠭ ᠨᠢ ᠡᠷᠲᠡᠨ ᠡᠴᠡ ᠡᠳᠦᠭᠡ ᠳᠦ ᠲᠤᠯᠲᠠᠯ᠎ᠠ ᠤᠯᠠᠮᠵᠢᠯᠠᠭᠳᠠᠵᠤ᠂ ᠮᠣᠩᠭᠤᠯ ᠡᠯ᠎ᠡ ᠣᠪᠤᠭ ᠶᠠᠰᠤᠲᠠᠨ᠂ ᠣᠷᠤᠨ ᠨᠤᠲᠤᠭ ᠤᠨ ᠪᠦᠬᠡ ᠳᠦ ᠲᠦᠭᠡᠮᠡᠯ ᠬᠠᠷᠠᠭᠳᠠᠳᠠᠭ ᠶᠤᠰᠤ ᠪᠤᠯᠤᠨ᠎ᠠ᠃ ᠪᠦᠬᠡ ᠪᠤᠯᠤᠭᠰᠠᠳ ᠡᠷᠬᠡᠪᠰᠢ ᠪᠠᠭᠰ ᠲᠠᠨᠢᠵᠤ᠂ ᠪᠠᠭᠰᠢ ᠱᠠᠪᠢ ᠶᠢᠨ ᠪᠠᠢᠯᠳᠤᠯᠭᠠ ᠰᠤᠷᠭᠠᠯ ᠢᠶᠠᠷ ᠪᠦᠬᠡ ᠶᠢᠨ ᠵᠠᠮ ᠳᠤ ᠣᠷᠤᠳᠠᠭ᠃ ᠪᠦᠬᠡ ᠶᠢᠨ ᠶᠢᠰᠦᠨ ᠳᠠᠪᠠᠭ᠎ᠠ ᠳᠠᠪᠠᠬᠤ ᠶᠤᠰᠤᠨ ᠡᠷᠲᠡᠨ ᠡᠴᠡ ᠪᠡᠨ ᠴᠢᠩᠭ᠍᠎ᠠ ᠪᠠᠷᠢᠮᠲᠠᠯᠠᠭᠳᠠᠨ ᠵᠢᠷᠤᠮᠯᠠᠭᠳᠠᠵᠤ ᠢᠷᠡᠭᠡᠳ ᠨᠡᠢᠭᠡᠮ ᠴᠠᠭ ᠦᠶ᠎ᠡ ᠶᠢᠨ ᠬᠦᠭᠵᠢᠯ ᠢ ᠳᠠᠭᠠᠯᠳᠤᠨ ᠤᠯᠠᠮ ᠢᠶᠠᠷ ᠲᠦᠭᠦᠮᠵᠢᠯᠡᠭᠳᠡᠵᠦ ᠪᠡᠯᠭᠡᠳᠡᠯ ᠦᠨ ᠰᠢᠨᠵᠢ ᠪᠦᠬᠦᠢ ᠳᠠᠪᠠᠭ᠎ᠠ ᠳᠠᠪᠠᠬᠤ᠂ ᠬᠤᠤᠰ ᠳᠠᠪᠠᠭ᠎ᠠ ᠳᠠᠪᠠᠬᠤ ᠪᠤᠯᠤᠨ ᠬᠤᠪᠢᠷᠠᠵᠤ ᠪᠤᠢ᠃ ᠪᠦᠬᠡ ᠮᠦᠷᠭᠦᠯ ᠦᠨ ᠡᠷᠲᠡᠨ ᠦ ᠣᠢᠯᠠᠭᠠᠭᠳᠠᠬᠤᠨ ᠠᠯᠬᠤᠮ ᠲᠠᠢ ᠪᠠᠷ ᠨᠢᠮᠬᠡᠷᠡᠵᠦ᠂ ᠪᠤᠯᠪᠠᠰᠤᠨ ᠴᠠᠭ ᠦᠶ᠎ᠡ ᠶᠢᠨ ᠣᠷᠴᠢᠨ ᠲᠤᠭᠤᠷᠢᠨ ᠲᠠᠢ ᠵᠤᠬᠢᠴᠠᠵᠤ᠂ ᠦᠪᠡᠷ ᠦᠨ ᠤᠯᠠᠮᠵᠢᠯᠠᠯᠲᠤ ᠪᠦᠬᠡ ᠪᠤᠯᠬᠤ ᠶᠤᠰᠤᠨ ᠢᠶᠠᠨ ᠪᠠᠷᠢᠮᠲᠠᠯᠠᠵᠤ᠂ ᠠᠮᠢᠳᠤᠯᠢᠭ ᠢᠶᠠᠷ ᠠᠮᠢᠳᠤᠷᠠᠯ ᠤᠨ ᠬᠦᠴᠦᠨ ᠢᠶᠡᠨ ᠬᠠᠳᠠᠭᠠᠯᠠᠨ ᠣᠷᠤᠰᠢᠨ ᠲᠤᠭᠲᠠᠨᠢᠬᠤ ᠪᠤᠯᠵᠤ ᠪᠤᠢ᠃ |
原文 |
查看原文
|
出自 |
中国蒙古学
2015年
第2期
|