题名 |
ᠲᠤᠮᠳᠠᠳᠤ ᠤᠯᠤᠰ ᠲᠤ 《 ᠵᠠᠩᠭᠠᠷ》 ᠬᠡᠮᠡᠬᠦ ᠠᠮᠠᠨ ᠰᠤᠶᠤᠯ ᠤᠨ ᠡᠬᠢ ᠪᠠᠶᠠᠯᠢᠭ ᠢ ᠨᠡᠭᠡᠭᠡᠨ ᠠᠰᠢᠭᠯᠠᠭᠰᠠᠨ ᠠᠰᠠᠭ᠋᠋ᠤᠳᠠᠯ ᠳᠤ |
作者 |
ᠳ᠋ᠠ • ᠲᠠᠶᠠ |
关键词 |
《ᠵᠠᠩᠭᠠᠷ》; ᠪᠠᠶᠠᠳᠤ ᠪᠤᠰᠤ ᠰᠤᠶᠤᠯ ᠤ ᠦᠪ; ᠠᠮᠠᠨ ᠰᠤᠶᠤᠯ; ᠡᠬᠢ ᠪᠠᠶᠠᠯᠢᠭ; ᠨᠡᠭᠡᠭᠡᠨ ᠠᠰᠢᠭᠯᠠᠬᠤ |
摘要 |
《ᠵᠠᠩᠭᠠᠷ》᠋ ᠤᠨ ᠤᠯᠠᠮᠵᠢᠯᠠᠯ ᠵᠠᠯᠭ᠋ᠠᠮᠵᠢᠯᠡᠯ ᠬᠡᠳᠡᠭ ᠨᠢ 《ᠵᠠᠩᠭᠠᠷ》᠋ ᠢ ᠭᠠᠬᠴᠠ ᠢᠵᠠᠭ᠋ᠤᠷ ᠬᠡᠯᠪᠡᠷᠢ ᠪᠡᠷ ᠨᠢ ᠦᠪᠯᠡᠵᠦ ᠬᠠᠳᠠᠭ᠋ᠠᠯᠠᠭ᠋ᠠᠳ ᠪᠤᠯᠴᠢᠠᠬᠭ ᠪᠢᠰᠢ᠂ ᠬᠠᠷᠢᠨ ᠰᠢᠨ᠎ᠠ ᠴᠠᠭ ᠶᠢᠨ ᠨᠡᠢᠭᠡᠮ ᠰᠤᠶᠤᠯ ᠤᠨ ᠬᠡᠷᠡᠭᠴᠡᠭᠡ ᠱᠠᠭ᠋ᠠᠷᠳᠠᠯᠭ᠎ᠠ ᠲᠠᠢ ᠨᠡᠢᠴᠡᠭᠦᠯᠵᠦ ᠤᠯᠠᠨ ᠲᠠᠯ᠎ᠡ ᠡᠴᠨ ᠪᠦᠳᠤᠭᠡᠯᠴᠢ ᠪᠡᠷ ᠤᠯᠠᠮᠵᠢᠯᠡᠨ ᠲᠠᠮᠵᠢᠭ᠋ᠤᠯᠬᠤ ᠶᠠᠪᠤᠳᠠᠯ ᠮᠦᠨ᠃ ᠨᠡᠩ ᠢᠯᠠᠩᠭᠤᠶ᠎ᠡ ᠦᠨ᠋ᠤᠳᠤᠷ ᠤᠨ ᠠᠵᠦ ᠦᠢᠯᠡᠳᠪᠤᠷᠢᠵᠢᠯ ᠬᠢᠭᠡᠳ ᠬᠤᠳᠠᠴᠢᠯᠡᠯᠳᠠ ᠶᠢᠨ ᠠᠬᠢᠴᠡ ᠬᠤᠷᠳᠤᠰᠴᠦ ᠬᠠᠷᠢ ᠰᠤᠶᠤᠯ ᠪᠡ ᠲᠠᠸᠠᠷ ᠤᠨ ᠰᠤᠶᠤᠯ ᠤᠨ ᠲᠦᠷᠢᠯᠳᠡ ᠶᠡᠭᠡᠰᠴᠦ ᠪᠠᠢᠬᠤ ᠨᠦᠬᠦᠴᠡᠯ ᠲᠤᠤᠷ᠎ᠠ᠂《ᠵᠠᠩᠭᠠᠷ》 ᠵᠠᠷᠭᠡ ᠤᠯᠠᠮᠵᠢᠯᠠᠯᠳᠤ ᠰᠤᠶᠤᠯ ᠶᠢᠡᠨ ᠰᠢᠨ᠎ᠠ ᠴᠠᠭ ᠦᠶ᠎ᠡ ᠶᠢᠨ ᠬᠡᠷᠡᠭᠴᠡᠭᠡ ᠳᠤ ᠨᠡᠢᠴᠡᠬᠦᠯᠬᠦ ᠶᠠᠪᠤᠳᠠᠯ ᠪᠠᠴᠢᠮ ᠱᠠᠭ᠋ᠠᠷᠳᠠᠭᠳᠠᠵᠦ ᠪᠠᠢᠨ᠎ᠠ᠃ ᠡᠢᠮᠦ ᠡᠴᠨ ᠦᠩᠭᠡᠷᠡᠭᠰᠡᠨ ᠤ 《 ᠵᠠᠩᠭᠠᠷ》᠋ ᠤᠨ ᠲᠤᠬᠠᠢ ᠤᠷᠤᠨ ᠨᠤᠳᠤᠭ᠂ ᠤᠪᠤᠭ ᠠᠢᠮᠠᠭ ᠤᠨ ᠢᠪᠴᠤᠤ ᠤᠬᠠᠮᠰᠠᠷ ᠶᠢᠡᠨ ᠲᠠᠶᠠᠨᠭᠳᠠᠵᠦ᠂ ᠮᠤᠩᠭᠤᠯᠴᠤᠳ ᠤᠠᠯᠨ ᠶᠢᠡᠷ ᠶᠢᠡᠨ ᠠᠳᠠᠯᠢ ᠪᠤᠰᠤ ᠰᠤᠶᠤᠯ ᠤᠷᠠᠯᠢᠭ ᠤ ᠬᠠᠷᠠᠭ᠎ᠠ ᠳᠤ ᠢᠳᠡᠪᠬᠢᠳᠡᠢ ᠤᠷᠤᠯᠴᠠᠵᠦ᠂ ᠴᠢᠳᠠᠮᠠᠭ᠋ᠠᠢ ᠪᠡᠷ ᠨᠡᠭᠡᠭᠡᠨ ᠠᠰᠢᠭᠯᠠᠬᠤ ᠴᠢᠬᠤᠯᠠ ᠲᠠᠢ ᠪᠠᠢᠨ᠎ᠠ᠃ ᠡᠬᠦᠨ ᠳᠤ ᠦᠩᠭᠡᠷᠡᠭᠰᠡᠨ ᠤ ᠲᠦᠭᠦᠮ ᠶᠢᠡᠷ ᠨᠡᠬᠦᠯᠭᠡᠨ ᠰᠢᠯᠵᠢᠬᠦᠯᠬᠦ᠂ ᠬᠡᠳᠤᠷᠬᠡᠢ ᠶᠠᠷᠤᠮᠳᠡᠭᠵᠢᠬᠦᠯᠬᠦ᠂ ᠮᠠᠷᠺ ᠲᠠᠮᠳᠡᠭᠵᠢᠭᠦᠯᠭᠦ ᠵᠠᠷᠭᠡ ᠡᠨᠳᠡᠬᠦᠤ ᠬᠡᠯᠪᠡᠷᠢᠯ ᠢ ᠲᠡᠪᠴᠢᠵᠦ᠂ 《ᠵᠠᠩᠭᠠᠷ》᠋ ᠤᠨ ᠰᠤᠶᠤᠯ ᠢ ᠪᠦᠷᠢᠨ ᠰᠠᠢᠨ ᠤᠢᠯᠠᠬ᠋ᠠᠭᠤ ᠬᠢᠭᠡᠳ ᠪᠦᠳᠤᠭᠡᠯᠴᠢ ᠪᠠᠷ ᠤᠷᠠᠯᠠᠨ ᠲᠤᠭ᠋ᠤᠷᠪᠢᠬᠤ ᠵᠢ ᠤᠶᠠᠯᠳᠤᠭ᠋ᠤᠯᠬᠤ ᠬᠡᠷᠡᠭᠳᠡᠢ ᠪᠠᠢᠨ᠎ᠠ᠃ ᠦᠭᠡᠷ᠎ᠡ ᠪᠠᠷ ᠬᠡᠯᠡᠪᠡᠯ᠂ 《ᠵᠩᠭᠠᠷ》᠋ ᠤᠨ ᠡᠬᠢ ᠪᠨᠶᠠᠯᠢᠭ ᠤᠨ ᠨᠡᠭᠡᠭᠡᠨ ᠠᠰᠢᠭᠯᠠᠯᠳᠠ ᠨᠢᠭᠡᠪᠤᠷᠢ ᠨᠢ《 ᠵᠠᠩᠭᠠᠷ》᠋ ᠤᠨ ᠤᠯᠠᠮᠵᠢᠯᠠᠯ ᠵᠠᠯᠭ᠋ᠠᠮᠵᠢᠯᠠᠯ ᠢ ᠠᠮᠢᠳᠤᠯᠢᠭ ᠶᠢᠡᠷ ᠬᠠᠮᠠᠭ᠋ᠠᠯᠠᠵᠦ᠂ ᠲᠡᠭᠦᠨ ᠤ ᠨᠡᠷ᠎ᠡ ᠲᠦᠷᠦ ᠵᠢᠴᠢ ᠪᠠᠢᠷᠢ ᠰᠠᠭ᠋ᠤᠷᠢ ᠶᠢᠨ ᠦᠷᠭᠡᠳᠭᠡᠯ ᠲᠡᠯᠭᠡᠷᠡᠯ ᠳᠤ ᠡᠶᠡᠷᠬᠦ ᠨᠦᠯᠦᠭᠡ ᠦᠵᠡᠭᠦᠯᠦᠭᠰᠡᠨ ᠪᠠᠢᠬᠤ ᠬᠡᠷᠡᠭᠳᠡᠢ᠃ ᠦᠬᠦᠯᠡᠯ ᠳᠤ ᠂ ᠲᠤᠮᠳᠠᠳᠤ ᠤᠯᠤᠰ ᠲᠤ《 ᠵᠠᠩᠭᠠᠷ》᠋ ᠤᠨ ᠡᠬᠢ ᠪᠠᠶᠠᠯᠢᠭ ᠤᠨ ᠨᠡᠭᠡᠭᠡᠨ ᠠᠰᠢᠭᠯᠠᠭᠰᠠᠨ ᠲᠤᠷᠰᠢᠯᠭ᠎ᠠ ᠰᠤᠷᠭ᠋ᠠᠮᠵᠢ ᠵᠢ ᠨᠡᠭᠡᠭᠡᠨ ᠠᠰᠢᠭᠯᠠᠭᠰᠠᠨ ᠲᠤᠢᠮᠦ ᠪᠠᠢᠳᠠᠯ ᠬᠢᠭᠡᠳ ᠨᠡᠭᠡᠭᠡᠨ ᠠᠰᠢᠭᠯᠠᠯᠳᠠ ᠳᠤ ᠤᠷᠤᠰᠢᠵᠦ ᠪᠠᠢᠬᠤ ᠠᠰᠠᠭ᠋ᠤᠳᠠᠯ ᠬᠡᠮᠡᠬᠦ ᠬᠤᠶᠠᠷ ᠲᠠᠯ᠎ᠡ ᠡᠴᠨ ᠲᠦᠭᠦᠮ ᠲᠤᠭ᠋ᠠᠴᠢᠬᠤ ᠪᠠᠷ ᠲᠠᠮᠵᠢᠬ᠋ᠤᠯᠵᠦ᠂ ᠬᠤᠢᠰᠢᠳᠡ ᠠᠩᠬᠠᠷᠬᠤ ᠤᠯᠠᠨ ᠵᠤᠢᠯ ᠤᠨ ᠲᠤᠬᠠᠢ ᠦᠪᠡᠷ ᠤᠨ ᠦᠵᠡᠯᠳᠡ ᠪᠡᠨ ᠲᠤᠷᠠᠳᠬᠤ ᠵᠢ ᠵᠤᠷᠢᠪᠡ᠃ |
原文 |
查看原文
|
出自 |
中国蒙古学
2014年
第5期
|