论文信息


题名 ᠲᠤᠭ᠎ᠠ ᠪᠦᠷᠢᠳᠭᠡᠯ ᠦᠨ ᠠᠷᠭ᠎ᠠ ᠵᠦᠢ ᠳᠦ ᠰᠠᠭᠤᠷᠢᠯᠠᠨ ᠵᠠᠷᠢᠮ ᠤᠷᠠᠨ ᠪᠦᠲᠦᠭᠡᠯ ᠳᠤᠲᠤᠷᠠᠬᠢ ᠬᠤᠯᠪᠤᠬᠤ ᠦᠭᠡ ᠶᠢ ᠬᠠᠷᠢᠴᠠᠭᠤᠯᠤᠨ ᠰᠤᠳᠤᠯᠬᠤ ᠨᠢ — 《ᠳᠡᠯᠭᠡᠷ ᠬᠠᠩᠭᠠᠢ》 ᠪᠠ 《ᠲᠤᠩᠭᠠᠯᠠᠭ ᠲᠠᠮᠢᠷ》 ᠢᠶᠠᠷ ᠵᠢᠱᠢᠶᠡᠯᠡᠬᠦ ᠨᠢ
作者 ᠤᠶᠠᠩᠭ᠍᠎ᠠ
关键词 ᠮᠣᠩᠭᠤᠯ ᠤᠷᠠᠨ ᠪᠦᠲᠦᠭᠡᠯ; 《ᠳᠡᠯᠭᠡᠷ ᠬᠠᠩᠭᠠᠢ》; 《ᠲᠤᠩᠭᠠᠯᠠᠭ ᠲᠠᠮᠢᠷ》; ᠬᠤᠯᠪᠤᠬᠤ ᠦᠭᠡ
摘要 ᠬᠡᠯᠡᠨ ᠦ ᠮᠠᠲ᠋ᠧᠷᠢᠶᠠᠯ ᠵᠠᠳᠠᠯᠬᠤ ᠫᠷᠤᠭᠷᠠᠮ Wodsmith᠂ ConcappV4 ᠮᠡᠲᠦ ᠶᠢᠨ ᠪᠦᠷᠢᠳᠭᠡᠯ ᠦᠨ ᠪᠠᠭᠠᠵᠢ ᠶᠢ ᠠᠰᠢᠭᠯᠠᠵᠤ᠂ ᠦᠪᠦᠷ ᠮᠣᠩᠭᠤᠯ ᠤᠨ ᠤᠷᠠᠨ ᠪᠦᠲᠦᠭᠡᠯ 《ᠳᠡᠯᠭᠡᠷ ᠬᠠᠩᠭᠠᠢ》 ᠪᠠ ᠮᠣᠩᠭᠤᠯ ᠤᠯᠤᠰ ᠤᠨ ᠤᠷᠠᠨ ᠪᠦᠲᠦᠭᠡᠯ ᠢ 《ᠲᠤᠩᠭᠠᠯᠠᠭ ᠲᠠᠮᠢᠷ》 ᠲᠤ ᠬᠡᠷᠡᠭᠯᠡᠭᠰᠡᠨ ᠬᠤᠯᠪᠤᠬᠤ ᠦᠭᠡ ᠶᠢ ᠬᠠᠷᠢᠴᠠᠭᠤᠯᠤᠨ ᠵᠠᠳᠠᠯᠵᠤ᠂ ᠵᠤᠬᠢᠶᠠᠯ ᠳᠠᠬᠢ ᠬᠤᠯᠪᠤᠬᠤ ᠦᠭᠡ ᠶᠢᠨ ᠬᠡᠷᠡᠭᠯᠡᠯᠲᠡ ᠶᠢᠨ ᠪᠠᠢᠳᠠᠯ ᠠᠴᠠ ᠵᠤᠬᠢᠶᠠᠭᠴᠢ ᠶᠢᠨ ᠬᠤᠯᠪᠤᠬᠤ ᠦᠭᠡ ᠬᠡᠷᠡᠭᠯᠡᠬᠦ ᠳᠠᠳᠬᠠᠯ ᠪᠠ ᠬᠡᠪ ᠨᠠᠮᠪᠠ ᠶᠢ ᠮᠡᠳᠡᠵᠦ ᠪᠤᠯᠬᠤ ᠮᠦᠷᠲᠡᠭᠡᠨ ᠲᠤᠭ᠎ᠠ ᠪᠠᠷᠢᠮᠲᠠ ᠶᠢᠨ ᠪᠦᠷᠢᠳᠭᠡᠯ ᠡᠴᠡ ᠵᠤᠬᠢᠶᠠᠯ ᠪᠦᠲᠦᠭᠡᠯ ᠳᠦ ᠵᠠᠷᠢᠮ ᠲᠦᠭᠡᠮᠡᠯ ᠬᠡᠷᠡᠭᠯᠡᠭᠳᠡᠬᠦ ᠦᠭᠡᠢ ᠬᠤᠯᠪᠤᠬᠤ ᠦᠭᠡ ᠨᠢ ᠶᠠᠭᠤ ᠶᠠᠭᠤ ᠪᠠᠢᠬᠤ ᠶᠢ ᠣᠢᠯᠠᠭᠠᠵᠤ ᠪᠤᠯᠬᠤ ᠶᠤᠮ᠃ ᠵᠦᠪᠬᠡᠨ ᠮᠣᠩᠭᠤᠯ ᠬᠡᠯᠡᠨ ᠦ ᠬᠤᠯᠪᠤᠬᠤ ᠦᠭᠡ ᠶᠢᠨ ᠬᠡᠷᠡᠭᠯᠡᠯᠲᠡ ᠶᠢᠨ ᠪᠠᠢᠳᠠᠯ ᠠᠴᠠ ᠬᠤᠶᠠᠷ ᠵᠤᠬᠢᠶᠠᠯ ᠤᠨ ᠦᠭᠡᠰ ᠦᠨ ᠰᠠᠩ ᠤᠨ ᠬᠡᠷᠡᠭᠯᠡᠯᠲᠡ ᠶᠢᠨ ᠵᠦᠷᠢᠶ᠎ᠡ ᠶᠢ ᠪᠦᠷᠢᠮᠦᠰᠦᠨ ᠢᠯᠡᠷᠡᠭᠦᠯᠵᠦ ᠲᠡᠢᠯᠬᠦ ᠦᠭᠡᠢ ᠪᠤᠯᠪᠠᠴᠤ ᠡᠨᠡ ᠬᠦ ᠠᠩᠬᠠᠨ ᠤ ᠲᠤᠷᠰᠢᠯᠲᠠ ᠨᠢ ᠢᠷᠡᠭᠡᠳᠦᠢ ᠳᠦ ᠪᠠᠢᠭᠠᠵᠢ ᠬᠡᠯᠡᠨ ᠦ ᠰᠢᠢᠳᠪᠦᠷᠢᠯᠡᠯᠲᠡ ᠶᠢᠨ ᠬᠠᠮᠢᠶ᠎ᠠ ᠪᠦᠬᠦᠢ ᠣᠨᠣᠯ ᠠᠷᠭ᠎ᠠ ᠳᠤ ᠰᠠᠭᠤᠷᠢᠯᠠᠨ ᠤᠷᠠᠨ ᠪᠦᠲᠦᠭᠡᠯ ᠦᠳ ᠢ ᠺᠤᠮᠫᠢᠦ᠋ᠲ᠋ᠧᠷ ᠢᠶᠡᠷ ᠳᠠᠮᠵᠢᠨ᠂ ᠲᠤᠭᠠᠵᠢᠭᠤᠯᠤᠨ ᠰᠤᠳᠤᠯᠬᠤ (数字化研究) ᠳᠤ ᠳᠡᠪᠢᠰᠭᠡᠷ ᠪᠯᠤᠬᠤ ᠶᠢ ᠬᠦᠰᠡᠨ ᠨᠠᠢᠳᠠᠵᠤ ᠪᠤᠢ᠃
原文 查看原文
出自 中国蒙古学 2016年 第3期

联系我们


内蒙古大学图书馆
呼和浩特市大学西路235号
中国·内蒙古
P: (0471) 4992561
E: huangfeilong@imu.edu.cn