论文信息


题名 ᠮᠣᠩᠭᠤᠯ ᠤᠷᠲᠤ ᠶᠢᠨ ᠳᠠᠭᠤᠤ ᠶᠢᠨ ᠬᠦᠭ ᠠᠶᠠᠯᠭᠤᠨ ᠤ ᠣᠨᠴᠠᠯᠢᠭ ᠢ ᠦᠭᠦᠯᠡᠬᠦ ᠨᠢ
作者 ᠪᠤᠤ ᠵᠢᠨ ᠬᠤᠸᠠ
关键词 ᠤᠷᠲᠤ ᠶᠢᠨ ᠳᠠᠭᠤᠤ; ᠬᠦᠭ ᠠᠶᠠᠯᠭᠤ; ᠣᠨᠴᠠᠯᠢᠭ
摘要 ᠮᠣᠩᠭᠤᠯ ᠠᠷᠠᠳ ᠤᠨ ᠰᠤᠩᠭᠤᠳᠠᠭ ᠤᠷᠠᠯᠢᠭ ᠪᠤᠯᠬᠤ ᠤᠷᠲᠤ ᠶᠢᠨ ᠳᠠᠭᠤᠤ ᠪᠤᠯ ᠮᠣᠩᠭᠤᠯ ᠠᠷᠠᠳ ᠲᠦᠮᠡᠨ ᠦ ᠦᠪᠡᠷᠮᠢᠴᠡ ᠠᠮᠢᠳᠤᠷᠠᠯ ᠢ ᠳᠤᠰᠬᠠᠭᠰᠠᠨ ᠤᠷᠠᠯᠢᠭ ᠤᠨ ᠬᠡᠯᠪᠡᠷᠢ ᠪᠤᠯᠬᠤ ᠶᠤᠮ᠃ ᠤᠶᠠᠬᠠᠨ ᠢᠷᠠᠭᠤ ᠬᠤᠭᠤᠯᠠᠢ ᠪᠠᠷ ᠰᠢᠷᠤᠩᠬᠠᠢᠯᠠᠨ ᠳᠠᠭᠤᠯᠠᠵᠤ ᠪᠠᠢᠭ᠎ᠠ ᠤᠷᠲᠤ ᠶᠢᠨ ᠳᠠᠭᠤᠤ ᠶᠢ ᠰᠤᠨᠤᠰᠬᠤ ᠪᠦᠷᠢ ᠳᠦ ᠮᠣᠩᠭᠤᠯ ᠤᠨ ᠠᠭᠤᠳᠠᠮ ᠲᠠᠯ᠎ᠠ ᠨᠤᠲᠤᠭ᠂ ᠮᠠᠯᠴᠢᠨ ᠠᠷᠠᠳ ᠤᠨ ᠠᠵᠤ ᠠᠮᠢᠳᠤᠷᠠᠯ ᠤᠨ ᠠᠢᠵᠠᠮ ᠭᠡᠮᠨᠡᠯ ᠨᠢ ᠵᠢᠷᠦᠬᠡ ᠰᠡᠳᠬᠢᠯ ᠳᠦ ᠵᠡᠭᠦᠳᠦ ᠵᠡᠷᠭᠡᠯᠭᠡᠨ ᠮᠡᠲᠦ ᠲᠤᠳᠤᠷᠠᠵᠤ ᠢᠷᠡᠳᠡᠭ᠃ ᠮᠣᠩᠭᠤᠯ ᠬᠦᠮᠦᠨ ᠦᠪᠡᠷ ᠦᠨ ᠦᠵᠡᠯ ᠤᠬᠠᠮᠰᠠᠷ᠂ ᠭᠦᠨ ᠤᠬᠠᠭᠠᠨ ᠤ ᠰᠡᠳᠬᠢᠯᠭᠡ ᠪᠡᠨ ᠳᠠᠭᠤᠤ ᠬᠦᠭᠵᠢᠮ ᠢᠶᠡᠷ ᠢᠯᠡᠳᠭᠡᠬᠦ ᠳᠡᠭᠡᠨ 《ᠢᠯᠡ ᠬᠦᠭ ᠠᠶᠠᠯᠭᠤ》 ᠠᠴᠠ 《ᠳᠠᠯᠳᠠ ᠬᠦᠭ ᠠᠶᠠᠯᠭᠤ》 ᠳᠤ ᠰᠢᠯᠵᠢᠨ᠂ ᠦᠪᠡᠷ ᠦᠨ ᠪᠤᠳᠤᠯ ᠰᠡᠳᠬᠢᠯᠭᠡ ᠪᠡᠨ ᠤᠯᠠᠮ ᠭᠦᠨ᠂ ᠰᠡᠳᠬᠢᠭᠳᠡᠰᠢ ᠦᠭᠡᠢ ᠣᠷᠴᠢᠨ ᠥᠭᠡᠳᠡ ᠬᠦᠲᠦᠯᠳᠡᠭ᠃ ᠲᠤᠰ ᠦᠭᠦᠯᠡᠯ ᠳᠦ᠂ ᠮᠣᠩᠭᠤᠯ ᠤᠷᠲᠤ ᠶᠢᠨ ᠳᠠᠭᠤᠤ ᠶᠢᠨ ᠬᠦᠭ ᠠᠶᠠᠯᠭᠤᠨ ᠤ ᠵᠠᠢᠮᠤᠷᠠᠯ᠂ ᠬᠦᠭ ᠠᠶᠠᠯᠭᠤᠨ ᠤ ᠰᠤᠯᠢᠭᠳᠠᠯ ᠢ ᠰᠢᠨᠵᠢᠯᠡᠬᠦ ᠪᠡᠷ ᠳᠠᠮᠵᠢᠨ᠂ ᠮᠣᠩᠭᠤᠯ ᠤᠷᠲᠤ ᠶᠢᠨ ᠳᠠᠭᠤᠤ ᠶᠢᠨ ᠤᠷᠠᠯᠢᠭ ᠤᠨ ᠣᠨᠴᠠᠯᠢᠭ ᠢ ᠰᠢᠨᠵᠢᠯᠡᠪᠡ᠃
原文 查看原文
出自 中国蒙古学 2015年 第3期

联系我们


内蒙古大学图书馆
呼和浩特市大学西路235号
中国·内蒙古
P: (0471) 4992561
E: huangfeilong@imu.edu.cn