摘要 |
ᠡᠨᠡᠳᠬᠡᠭ᠌ ᠦᠨ ᠷᠠᠵᠠ ᠪᠤᠤᠵᠠ ᠬᠠᠭᠠᠨ ᠤ ᠦᠢᠯᠡ ᠶᠠᠪᠤᠳᠠᠯ ᠪᠤᠶᠤ ᠨᠡᠷ᠎ᠡ ᠲᠡᠢ ᠬᠤᠯᠪᠤᠭᠳᠠᠭᠰᠠᠨ ᠦᠯᠢᠭᠡᠷ ᠨᠢ ᠮᠣᠩ᠋ᠭᠤᠯ ᠲᠤᠭᠤᠷᠭᠠᠲᠠᠨ ᠤ ᠳᠤᠮᠳᠠ ᠶᠡᠬᠡᠳᠡ ᠤᠯᠠᠮᠵᠢᠯᠠᠭᠳᠠᠨ ᠳᠡᠯᠭᠡᠷᠡᠭᠰᠡᠨ ᠪᠦᠭᠡᠳ ᠡᠨᠡ ᠬᠦ ᠡᠨᠡᠳᠬᠡᠭ᠌ ᠦᠯᠢᠭᠡᠷ ᠨᠢ ᠤᠯᠠᠮᠵᠢᠯᠠᠯ ᠤᠨ ᠶᠠᠪᠤᠴᠠ ᠳᠠᠭᠠᠨ ᠮᠣᠩ᠋ᠭᠤᠯ ᠦᠨᠳᠦᠰᠦᠲᠡᠨ ᠦ ᠦᠯᠢᠭᠡᠷ ᠶᠠᠷᠢᠬᠤ ᠤᠯᠠᠮᠵᠢᠯᠠᠯ ᠵᠠᠩᠰᠢᠯ ᠳᠤ ᠵᠤᠬᠢᠴᠠᠨ ᠠᠳᠠᠯᠢ ᠪᠤᠰᠤ ᠬᠡᠪ ᠰᠢᠨᠵᠢ ᠶᠢᠨ ᠦᠯᠢᠭᠡᠷ ᠦᠳ ᠢ ᠪᠤᠢ ᠪᠤᠯᠭᠠᠵᠠᠢ᠃ ᠮᠣᠩ᠋ᠭᠤᠯ 《ᠠᠷᠵᠢ ᠪᠤᠷᠵᠢ ᠬᠠᠭᠠᠨ ᠤ ᠦᠯᠢᠭᠡᠷ》ᠨᠢ ᠬᠡᠳᠦᠢ᠌ᠪᠡᠷ ᠡᠨᠡᠳᠬᠡᠭ᠌ ᠭᠠᠷᠤᠯ ᠲᠠᠢ ᠦᠯᠢᠭᠡᠷ ᠭᠡᠳᠡᠭ ᠪᠤᠯᠪᠠᠴᠤ ᠡᠨᠡ ᠬᠦ ᠦᠯᠢᠭᠡᠷ ᠨᠢ ᠬᠠᠯᠢᠮᠠᠭ ᠨᠤᠲᠤᠭ ᠲᠤ ᠲᠤᠢ᠌ᠯ ᠤᠨ ᠶᠡᠬᠡ ᠪᠡᠷ ᠤᠯᠠᠮᠵᠢᠯᠠᠨ ᠳᠡᠯᠭᠡᠷᠡᠵᠦ᠂ ᠲᠡᠨᠳᠡᠬᠢ ᠮᠣᠩ᠋ᠭᠤᠯᠴᠤᠳ ᠤᠨ ᠠᠬᠤᠢ ᠠᠮᠢᠳᠤᠷᠠᠯ ᠲᠠᠢ ᠨᠡᠢ᠌ᠯᠡᠨ ᠵᠤᠬᠢᠴᠠᠵᠤ ᠲᠠᠨᠢᠭᠳᠠᠬᠤ ᠶᠢᠨ ᠠᠷᠭ᠎ᠠ ᠦᠭᠡᠢ ᠮᠣᠩ᠋ᠭᠤᠯ ᠦᠯᠢᠭᠡᠷ ᠪᠤᠯᠤᠭᠰᠠᠨ ᠪᠠᠢ᠌ᠳᠠᠭ᠃ ᠡᠭᠦᠨ ᠡᠴᠡ ᠪᠢᠳᠡ ᠶᠠᠮᠠᠷ ᠨᠢᠭᠡᠨ ᠬᠠᠷᠢ ᠦᠨᠳᠦᠰᠦᠲᠡᠨ ᠦ ᠦᠯᠢᠭᠡᠷ ᠨᠢ ᠦᠭᠡᠷ᠎ᠡ ᠪᠤᠰᠤᠳ ᠤᠯᠤᠰ ᠦᠨᠳᠦᠰᠦᠲᠡᠨ ᠦ ᠳᠤᠮᠳᠠ ᠤᠯᠠᠮᠵᠢᠯᠠᠭᠳᠠᠬᠤ ᠳᠠᠭᠠᠨ ᠲᠤᠬᠠᠢ ᠶᠢᠨ ᠦᠨᠳᠦᠰᠦᠲᠡᠨ ᠦ ᠰᠤᠶᠤᠯ ᠲᠡᠦᠬᠡ ᠵᠠᠩ ᠵᠠᠩᠰᠢᠯ ᠲᠠᠢ ᠨᠢ ᠵᠤᠬᠢᠴᠠᠨ ᠤᠯᠠᠮᠵᠢᠯᠠᠭᠳᠠᠳᠠᠭ ᠭᠡᠰᠡᠨ ᠢ ᠣᠢ᠌ᠯᠠᠭᠠᠵᠤ ᠪᠤᠯᠬᠤ ᠶᠤᠮ᠃ ᠡᠭᠦᠨ ᠢᠶᠡᠷ ᠪᠠᠷᠠᠬᠤ ᠦᠭᠡᠢ ᠦᠯᠢᠭᠡᠷ ᠦᠨ ᠤᠯᠠᠮᠵᠢᠯᠠᠯ ᠤᠨ ᠲᠡᠦᠬᠡ ᠨᠢ ᠤᠷᠲᠤ ᠪᠤᠯᠬᠤ ᠲᠤᠰᠤᠮ ᠢᠶᠠᠨ ᠲᠤᠬᠠᠢ ᠶᠢᠨ ᠦᠯᠢᠭᠡᠷ ᠦᠨ ᠦᠢᠯᠡ ᠶᠠᠪᠤᠳᠠᠯ ᠤᠨ ᠦᠭᠦᠯᠡᠮᠵᠢ ᠳᠦ ᠬᠤᠪᠢᠷᠠᠯᠲᠠ ᠭᠠᠷᠬᠤ ᠠᠴᠠ ᠭᠠᠳᠠᠨ᠎ᠠ ᠵᠤᠬᠢᠶᠠᠮᠵᠢ ᠳᠤᠨᠢ ᠴᠤ ᠲᠠᠰᠤᠷᠠᠯᠲᠠ ᠦᠭᠡᠢ ᠦᠭᠡᠷᠡᠴᠢᠯᠡᠯᠲᠡ ᠭᠠᠷᠴᠤ᠂ ᠦᠭᠡᠷ᠎ᠡ ᠨᠢᠭᠡᠨ ᠬᠡᠪ ᠰᠢᠨᠵᠢ ᠶᠢᠨ ᠦᠯᠢᠭᠡᠷ ᠲᠡᠢ ᠨᠡᠢ᠌ᠯᠡᠬᠦ ᠪᠤᠶᠤ ᠡᠰᠡᠪᠡᠯ ᠤᠤᠯ ᠦᠯᠢᠭᠡᠷ ᠦᠨ ᠬᠡᠪ ᠰᠢᠨᠵᠢ ᠶᠢᠨ ᠰᠠᠭᠤᠷᠢᠨ ᠳᠡᠭᠡᠷ᠎ᠡ ᠰᠢᠨ᠎ᠡ ᠨᠢᠭᠡᠨ ᠳᠡᠳ᠋ ᠬᠡᠪ ᠰᠢᠨᠵᠢ ᠶᠢᠨ ᠦᠯᠢᠭᠡᠷ ᠦᠳ ᠵᠤᠬᠢᠶᠠᠭᠳᠠᠳᠠᠭ ᠶᠤᠮ ᠪᠠᠢ᠌ᠨ᠎ᠠ᠃ |