论文信息


题名 ᠮᠣᠩᠭᠤᠯ᠂ ᠶᠠᠫᠤᠨ ᠰᠤᠶᠤᠯ ᠤᠨ ᠵᠦᠷᠢᠶ᠎ᠡ ᠪᠡ ᠶᠡᠬᠡ ᠰᠤᠷᠭᠠᠭᠤᠯᠢ ᠶᠢᠨ ᠶᠠᠫᠤᠨ ᠬᠡᠯᠡᠨ ᠦ ᠵᠢᠭᠠᠨ ᠰᠤᠷᠭᠠᠯᠲᠠ ᠶᠢ ᠰᠢᠨᠡᠴᠢᠯᠡᠬᠦ ᠲᠤᠬᠠᠢ ᠦᠭᠦᠯᠡᠬᠦ ᠨᠢ
作者 ᠴᠢᠦᠢ ᠶᠤᠸᠠᠨ
关键词 ᠮᠣᠩ᠋ᠭᠤᠯ᠂ ᠶᠠᠫᠤᠨ; ᠬᠠᠷᠢᠯᠴᠠᠭᠠᠨ ᠤ ᠬᠦᠳᠡᠯᠭᠡᠭᠡᠨ; ᠰᠤᠶᠤᠯ ᠤᠨ ᠵᠦᠷᠢᠶ᠎ᠡ; ᠦᠭᠡ ᠬᠡᠯᠡ; ᠰᠤᠶᠤᠯ
摘要 ᠮᠣᠩᠭᠤᠯ ᠬᠡᠯᠡ ᠪᠡ ᠶᠠᠫᠤᠨ ᠬᠡᠯᠡ ᠪᠤᠯ ᠬᠡᠯᠡᠨ ᠦ ᠰᠢᠰᠲ᠋ᠧᠮ ᠨᠢ ᠠᠳᠠᠯᠢ᠂ ᠪᠦᠷ ᠠᠯᠳᠠᠷ ᠬᠡᠯᠡᠨ ᠦ ᠰᠢᠰᠲ᠋ᠧᠮ ᠳᠦ ᠬᠠᠷᠢᠶᠠᠯᠠᠭᠳᠠᠵᠤ ᠪᠠᠢ᠌ᠳᠠᠭ᠃ ᠬᠡᠳᠦᠢ᠌ᠪᠡᠷ ᠤᠷᠲᠤ ᠤᠳᠠᠭᠠᠨ ᠲᠡᠦᠬᠡᠨ ᠬᠦᠭ᠍ᠵᠢᠯᠲᠡ ᠶᠢᠨ ᠶᠠᠪᠤᠴᠠ ᠳᠤ ᠶᠠᠫᠤᠨ ᠬᠡᠯᠡ ᠨᠢ ᠮᠣᠩ᠋ᠭᠤᠯ ᠬᠡᠯᠡ ᠡᠴᠡ ᠬᠡᠯᠡᠨ ᠦ ᠵᠦᠢ᠂ ᠦᠰᠦᠭ ᠪᠢᠴᠢᠭ᠌ ᠵᠡᠷᠭᠡ ᠣᠯᠠᠨ ᠲᠠᠯ᠎ᠠ ᠶᠢᠨ ᠠᠰᠢᠭ ᠰᠢᠮ ᠡ ᠶᠢ ᠬᠦᠷᠲᠡᠭᠰᠡᠨ ᠴᠦ᠂ ᠦᠰᠦᠳ ᠦᠭᠡᠷ᠎ᠡ ᠬᠤᠶᠠᠷ ᠦᠨᠳᠦᠰᠦᠲᠡᠨ ᠦ ᠦᠭᠡ ᠬᠡᠯᠡ ᠪᠤᠯᠤᠭᠰᠠᠨ ᠤ ᠬᠤᠪᠢ ᠳᠤ᠂ ᠢᠯᠡᠳᠭᠡᠬᠦ ᠠᠷᠭ᠎ᠠ ᠬᠡᠯᠪᠡᠷᠢ᠂ ᠠᠭᠤᠯᠤᠭᠳᠠᠵᠤ ᠪᠠᠢ᠌ᠭ᠎ᠠ ᠰᠤᠶᠤᠯ ᠤᠨ ᠣᠨᠴᠠᠯᠢᠭ ᠵᠡᠷᠭᠡ ᠲᠠᠯ᠎ᠠ ᠪᠠᠷ ᠨᠡᠯᠢᠶᠡᠳ ᠶᠡᠬᠡ ᠵᠦᠷᠢᠶ᠎ᠡ ᠣᠷᠤᠰᠢᠵᠤ ᠪᠠᠢ᠋ᠳᠠᠭ᠃ ᠦᠭᠦᠯᠡᠯ ᠳᠦ ᠶᠡᠬᠡ ᠰᠤᠷᠭᠠᠭᠤᠯᠢ ᠶᠢᠨ ᠭᠠᠳᠠᠭᠠᠳᠤ ᠬᠡᠯᠡᠨ ᠦ ᠵᠢᠭᠠᠨ ᠰᠤᠷᠭᠠᠯᠲᠠ ᠳᠤ ᠣᠷᠤᠰᠢᠵᠤ ᠪᠠᠢ᠌ᠭ᠎ᠠ ᠠᠰᠠᠭᠤᠳᠠᠯ ᠢ ᠠᠳᠠᠯᠢ ᠪᠤᠰᠤ ᠰᠤᠶᠤᠯ ᠤᠨ ᠵᠦᠷᠢᠶ᠎ᠡ ᠡᠴᠡ ᠪᠤᠯᠤᠭᠰᠠᠨ ᠢᠯᠡᠳᠭᠡᠬᠦ ᠠᠷᠭ᠎ᠠ ᠶᠢᠨ ᠢᠯᠭᠠᠭ᠎ᠠ ᠶᠢ ᠣᠢ᠌ᠯᠠᠭᠠᠵᠤ᠂ ᠬᠢᠴᠢᠶᠡᠯ ᠦᠨ ᠲᠠᠩᠬᠢᠮ ᠤᠨ ᠵᠢᠭᠠᠨ ᠰᠤᠷᠭᠠᠯᠲᠠ ᠪᠠ ᠠᠷᠭ᠎ᠠ ᠬᠡᠯᠪᠡᠷᠢ ᠶᠢ ᠰᠢᠨᠡᠳᠭᠡᠬᠦ ᠭᠡᠬᠦ ᠬᠡᠳᠦᠨ ᠲᠠᠯ᠎ᠠ ᠪᠠᠷ ᠵᠠᠳᠠᠯᠤᠨ ᠰᠢᠨᠵᠢᠯᠡᠵᠦ᠂ ᠭᠠᠳᠠᠭᠠᠳᠤ ᠬᠡᠯᠡᠨ ᠦ ᠵᠢᠭᠠᠨ ᠰᠤᠷᠭᠠᠯᠲᠠ ᠳᠤ ᠰᠤᠶᠤᠯ ᠵᠦᠢ ᠶᠢᠨ ᠮᠡᠳᠡᠯᠭᠡ ᠳᠤᠲᠠᠭᠳᠠᠵᠤ ᠪᠤᠯᠤᠰᠢ ᠦᠭᠡᠢ ᠭᠡᠳᠡᠭ ᠦᠵᠡᠯᠲᠡ ᠶᠢ ᠳᠤᠷᠠᠳᠴᠠᠢ᠃
原文 查看原文
出自 中国蒙古学 2013年 第6期

联系我们


内蒙古大学图书馆
呼和浩特市大学西路235号
中国·内蒙古
P: (0471) 4992561
E: huangfeilong@imu.edu.cn