题名 |
ᠪᠠᠯᠠᠷᠯᠢᠭ ᠰᠢᠲᠦᠯᠭᠡ ᠪᠤᠯᠤᠨ ᠪᠦᠬᠡ ᠮᠦᠷᠭᠦᠯ ᠦᠨ ᠰᠢᠲᠦᠯᠭᠡ ᠶᠢᠨ ᠬᠠᠷᠢᠴᠠᠭ᠎ᠠ ᠶᠢᠨ ᠲᠤᠬᠠᠢ ᠦᠭᠦᠯᠡᠬᠦ ᠨᠢ |
作者 |
ᠪᠠᠶᠠᠭᠤᠳ ᠨᠠᠷᠠᠨᠪᠢᠯᠢᠭ᠌; ᠲᠡᠭᠰᠢᠳᠦ᠋ᠭᠦᠷᠡᠩ |
关键词 |
ᠪᠠᠯᠠᠷᠯᠢᠭ ᠰᠢᠲᠦᠯᠭᠡ; ᠪᠦᠬᠡ ᠮᠦᠷᠭᠦᠯ ᠦᠨ ᠰᠢᠲᠦᠯᠭᠡ; ᠨᠤᠮᠯᠠᠯ ᠤᠨ ᠦᠵᠡᠯ ᠰᠠᠨᠠᠭ᠎ᠠ |
摘要 |
ᠮᠠᠯᠵᠢᠬᠤ ᠤᠭᠰᠠᠭᠠᠲᠠᠳ ᠤᠨ ᠨᠢᠭᠡ ᠪᠤᠯᠤᠭᠰᠠᠨ ᠮᠣᠩᠭᠤᠯ ᠦᠨᠳᠦᠰᠦᠲᠡᠨ ᠦ ᠪᠦᠬᠡ ᠮᠦᠷᠭᠦᠯ ᠦᠨ ᠰᠢᠲᠦᠯᠭᠡ ᠨᠢ ᠵᠤᠬᠢᠬᠤ ᠨᠤᠮᠯᠠᠯ ᠤᠨ ᠦᠵᠡᠯ ᠰᠠᠨᠠᠭ᠎ᠠ ᠪᠦᠷᠢᠯᠳᠦᠨ ᠲᠤᠭᠲᠠᠨᠢᠭᠰᠠᠨ ᠬᠠᠷᠢᠴᠠᠩᠭᠤᠢ ᠰᠢᠰᠲ᠋ᠧᠮᠵᠢᠭᠰᠡᠨ ᠰᠢᠲᠦᠯᠭᠡ ᠪᠢᠰᠢᠷᠡᠯ ᠪᠠᠢᠵᠤ᠂ ᠲᠤᠲ᠋ᠧᠮ ᠰᠢᠲᠦᠯᠭᠡ᠂ ᠳᠡᠭᠡᠳᠦᠰ ᠦᠨ ᠰᠢᠲᠦᠯᠭᠡ᠂ ᠨᠠᠷᠠ ᠰᠠᠷ᠎ᠠ ᠣᠳᠤᠨ ᠮᠡᠴᠢᠳ ᠦᠨ ᠰᠢᠲᠦᠯᠭᠡ ᠵᠡᠷᠭᠡ ᠪᠠᠯᠢᠷᠯᠢᠭ ᠰᠢᠲᠦᠯᠭᠡ ᠶᠢᠨ ᠨᠡᠢᠯᠡᠯ ᠴᠤᠭᠴᠠ ᠪᠤᠯᠤᠨ᠎ᠠ᠃ ᠡᠢᠮᠦ ᠡᠴᠡ ᠪᠠᠯᠠᠷᠯᠢᠭ ᠰᠢᠲᠦᠯᠭᠡ ᠨᠢ ᠪᠠᠢᠭᠠᠯᠢ ᠶᠢᠨ ᠶᠠᠮᠠᠷ ᠨᠢᠭᠡᠨ ᠠᠮᠢᠲᠠᠨ ᠤᠷᠭᠤᠮᠠᠯ ᠪᠤᠶᠤ ᠳᠡᠭᠡᠳᠦᠰ ᠵᠡᠷᠭᠡ ᠪᠤᠳᠠᠭᠠᠯᠢ ᠪᠡᠶᠡᠲᠦ ᠵᠤᠢᠯ ᠢ ᠴᠠᠯᠢᠭᠰᠢᠯᠠᠨ ᠰᠢᠲᠦᠵᠦ᠂ ᠬᠦᠮᠦᠨ ᠲᠦᠷᠦᠯᠬᠢᠲᠡᠨ ᠦ ᠨᠢᠯᠬ᠎ᠠ ᠪᠠᠯᠴᠢᠷ ᠦᠶ᠎ᠡ ᠶᠢᠨ ᠤᠶᠤᠨ ᠴᠢᠳᠠᠪᠤᠷᠢ ᠶᠢᠨ ᠤᠤᠷ ᠪᠠᠢᠳᠠᠯ ᠢ ᠳᠤᠰᠬᠠᠵᠤ ᠪᠠᠢᠬᠤ ᠳᠤ᠂ ᠪᠦᠬᠡ ᠮᠦᠷᠭᠦᠯ ᠦᠨ ᠰᠢᠲᠦᠯᠭᠡ ᠨᠢ ᠬᠠᠷᠢᠨ ᠲᠡᠭᠷᠢ᠂ ᠭᠠᠵᠠᠷ᠂ ᠡᠵᠡᠳ ᠰᠠᠬᠢᠭᠤᠯᠰᠤᠨ ᠪᠤᠶᠤ ᠡᠰᠡᠭᠦᠯ ᠡ ᠬᠠᠳ ᠡᠵᠡᠳ ᠪᠤᠯᠤᠨ ᠪᠠᠭᠠᠲᠤᠷ ᠡᠷ᠎ᠡ ᠶᠢ ᠭᠤᠤᠯ ᠰᠢᠲᠦᠭᠡᠨ ᠪᠤᠯᠭᠠᠨ ᠴᠠᠯᠢᠭᠰᠢᠯᠠᠨ ᠰᠤᠷᠲᠠᠯᠴᠢᠯᠠᠭᠠᠳ᠂ ᠵᠤᠬᠢᠬᠤ ᠨᠤᠮᠯᠠᠯ ᠤᠨ ᠦᠵᠡᠯ ᠰᠠᠨᠠᠭ᠎ᠠ ᠲᠠᠢ ᠰᠢᠲᠦᠯᠭᠡ ᠪᠢᠰᠢᠷᠡᠯ ᠦᠨ ᠣᠨᠴᠠᠯᠢᠭ ᠲᠤᠳᠤ ᠳᠤᠪᠤᠭᠤᠷ ᠪᠤᠯᠤᠭᠰᠠᠨ ᠪᠠᠢᠨ᠎ᠠ᠃ |
原文 |
查看原文
|
出自 |
中国蒙古学
2016年
第3期
|