题名 |
ᠡᠮᠦᠨᠡᠳᠦ ᠭᠤᠷᠯᠤᠰ ᠤᠨ ᠬᠠᠷ᠎ᠠ ᠲᠤᠪᠤ ᠳᠤᠰᠬᠤᠨ ᠤ ᠮᠣᠩᠭᠤᠯ ᠵᠠᠯᠠᠭᠤ ᠪᠠᠭᠠᠴᠤᠳ ᠤᠨ ᠬᠡᠯᠡ ᠬᠡᠷᠡᠭᠯᠡᠭᠡᠨ ᠦ ᠲᠤᠬᠠᠢ ᠪᠠᠢᠴᠠᠭᠠᠭᠰᠠᠨ ᠰᠢᠨᠵᠢᠯᠡᠯᠲᠡ |
作者 |
ᠪᠤᠤ ᠮᠧᠢ ᠷᠦᠩ |
关键词 |
ᠡᠮᠦᠨᠡᠳᠦ ᠭᠤᠷᠯᠤᠰ; ᠬᠠᠷ᠎ᠠ ᠲᠤᠪᠤ ᠲᠤᠰᠬᠤᠨ; ᠮᠣᠩᠭᠤᠯ; ᠵᠠᠯᠠᠭᠤ ᠪᠠᠭᠠᠴᠤᠤᠳ; ᠬᠡᠯᠡ ᠬᠡᠷᠡᠭᠯᠡᠭᠡ |
摘要 |
ᠬᠡᠯᠡᠨ ᠦ ᠬᠤᠪᠢᠷᠠᠯ ᠨᠢ ᠵᠠᠯᠠᠭᠤ ᠪᠠᠭᠠᠴᠤᠳ ᠲᠤ ᠬᠠᠮᠤᠭ ᠤᠨ ᠲᠡᠷᠢᠭᠦᠨ ᠳᠦ ᠢᠯᠡᠷᠡᠳᠡᠭ ᠤᠴᠢᠷ ᠠᠴᠠ ᠵᠠᠯᠠᠭᠤ ᠪᠠᠭᠠᠴᠤᠳ ᠤᠨ ᠬᠡᠯᠡ ᠬᠡᠷᠡᠭᠯᠡᠭᠡᠨ ᠦ ᠲᠤᠬᠠᠢ ᠪᠠᠢᠴᠠᠭᠠᠨ ᠰᠢᠨᠵᠢᠯᠡᠬᠦ ᠨᠢ ᠲᠡᠷᠡ ᠬᠦ ᠬᠡᠯᠡᠨ ᠦ ᠬᠤᠪᠢᠷᠠᠯ ᠬᠦᠭᠵᠢᠯ ᠦᠨ ᠬᠠᠨᠳᠤᠰᠢ ᠶᠢ ᠲᠠᠨᠢᠨ ᠮᠡᠳᠡᠬᠦ ᠦᠨ᠎ᠡ ᠦᠷᠲᠡᠭ ᠲᠡᠢ᠃ ᠡᠮᠦᠨᠡᠳᠦ ᠭᠤᠷᠯᠤᠰ ᠮᠣᠩᠭᠤᠯᠴᠤᠳ ᠤᠨ ᠠᠮᠠᠨ ᠶᠠᠷᠢᠶ᠎ᠠ ᠪᠤᠯ ᠬᠣᠷᠴᠢᠨ ᠠᠮᠠᠨ ᠠᠶᠠᠯᠭᠤᠨ ᠤ ᠳᠤᠲᠤᠷᠠᠬᠢ ᠬᠢᠲᠠᠳ ᠬᠡᠯᠡᠨ ᠦ ᠨᠦᠯᠦᠭᠡ ᠶᠢ ᠬᠠᠮᠤᠭ ᠠᠴᠠ ᠢᠯᠡᠭᠦᠦ ᠬᠦᠷᠲᠡᠭᠰᠡᠨ ᠠᠮᠠᠨ ᠶᠠᠷᠢᠶ᠎ᠠ ᠪᠤᠯᠤᠨ᠎ᠠ᠃ ᠡᠮᠦᠨᠡᠳᠦ ᠭᠤᠷᠯᠤᠰ ᠤᠨ ᠵᠡᠭᠦᠨ ᠭᠤᠷᠪᠠᠨ ᠭᠡᠷ ᠦᠨ ᠬᠠᠷ᠎ᠠ ᠲᠤᠪᠤ ᠲᠤᠰᠬᠤᠨ ᠪᠤᠯ ᠮᠣᠩᠭᠤᠯ ᠬᠢᠲᠠᠳ ᠬᠠᠮᠤᠭ ᠠᠴᠠ ᠢᠯᠡᠭᠦᠦ ᠬᠤᠯᠢᠯᠳᠤᠨ ᠰᠠᠭᠤᠵᠤ ᠪᠠᠢᠭ᠎ᠠ ᠭᠠᠵᠠᠷ ᠤᠨ ᠨᠢᠭᠡ ᠪᠤᠯᠳᠠᠭ ᠠᠴᠠ ᠬᠠᠷ᠎ᠠ ᠲᠤᠪᠤ ᠲᠤᠰᠬᠤᠨ ᠤ ᠮᠣᠩᠭᠤᠯ ᠵᠠᠯᠠᠭᠤ ᠪᠠᠭᠠᠴᠤᠳ ᠤᠨ ᠬᠡᠯᠡ ᠬᠡᠷᠡᠭᠯᠡᠭᠡᠨ ᠦ ᠪᠠᠢᠳᠠᠯ ᠢ ᠪᠠᠢᠴᠠᠭᠠᠨ ᠰᠢᠨᠵᠢᠯᠡᠭᠰᠡᠨ ᠦ ᠳ᠋ᠦᠩ ᠳᠦ᠂ ᠵᠠᠯᠠᠭᠤ ᠪᠠᠭᠠᠴᠤᠳ ᠤᠨ ᠡᠬᠡ ᠬᠡᠯᠡᠨ ᠦ ᠴᠢᠳᠠᠪᠤᠷᠢ ᠮᠠᠭᠤᠳᠠᠵᠤ ᠪᠠᠢᠬᠤ ᠬᠠᠨᠳᠤᠰᠢ ᠲᠠᠢ᠂ ᠡᠨᠡ ᠬᠦ ᠪᠠᠢᠳᠠᠯ ᠨᠢ ᠦᠭᠡᠰ ᠦᠨ ᠰᠠᠩ ᠳᠤᠨᠢ ᠬᠠᠮᠤᠭ ᠠᠴᠠ ᠢᠯᠡᠭᠦᠦ ᠢᠯᠡᠷᠡᠵᠦ ᠪᠠᠢᠨ᠎ᠠ᠃ ᠡᠮᠦᠨᠡᠳᠦ ᠭᠤᠷᠯᠤᠰ ᠤᠨ ᠵᠠᠯᠠᠭᠤ ᠪᠠᠭᠠᠴᠤᠳ ᠤᠨ ᠳᠤᠮᠳᠠ ᠮᠣᠩᠭᠤᠯ ᠬᠢᠲᠠᠳ ᠢᠶᠠᠷ ᠬᠤᠯᠢᠯᠳᠤᠭᠤᠯᠤᠨ ᠶᠠᠷᠢᠬᠤ ᠦᠵᠡᠭᠳᠡᠯ ᠨᠡᠢᠳᠡᠮ ᠣᠷᠤᠰᠢᠵᠤ᠂ ᠬᠢᠲᠠᠳ ᠬᠡᠯᠡ ᠪᠡᠷ ᠶᠠᠷᠢᠵᠤ ᠢᠯᠡᠳᠭᠡᠬᠦ ᠴᠢᠳᠠᠪᠤᠷᠢ ᠰᠠᠢᠨ ᠪᠠᠢᠳᠠᠭ᠃ |
原文 |
查看原文
|
出自 |
中国蒙古学
2015年
第2期
|