摘要 |
ᠰᠡᠩᠭᠡᠷᠢᠨᠴᠢᠨ ᠪᠤᠯ ᠴᠢᠩ ᠤᠯᠤᠰ ᠤᠨ ᠦᠶ ᠡ ᠶᠢᠨ ᠤᠯᠤᠰ ᠶᠢᠨᠨ ᠬᠠᠢ᠌ᠷᠠᠯᠠᠬᠤ ᠦᠨᠳᠦᠰᠦᠳᠡᠨ ᠦ ᠪᠠᠭᠠᠳᠤᠷ ᠮᠦᠨ᠃ ᠳᠡᠭᠦᠨ ᠦᠨ ᠲᠤᠬᠠᠢ ᠠᠷᠠᠳ ᠤᠨ ᠳᠠᠭᠤᠤ ᠵᠤᠬᠢᠶᠠᠭᠳᠠᠵᠤ ᠦᠷᠭᠡᠨ ᠶᠢᠨᠷ ᠳᠡᠯᠭᠡᠷᠡᠭᠰᠡᠨ ᠪᠦᠭᠡᠳ ᠤᠯᠠᠨ ᠵᠦᠢᠯ ᠤᠨ ᠬᠤᠪᠢᠯᠪᠤᠷᠢ ᠲᠠᠢ ᠪᠤᠯᠤᠭᠰᠠᠨ ᠪᠠᠢ᠌ᠪᠠ᠃ ᠤᠷᠴᠢᠨ ᠦᠶ ᠡ ᠶᠢᠨ ᠮᠣᠩᠭᠣᠯ ᠦᠨᠳᠦᠰᠦᠳᠡᠨ ᠦ ᠰᠤᠶᠤᠯ ᠤᠨ ᠶᠡᠬᠡ ᠵᠢᠳᠭᠦᠯᠳᠡᠨ ᠪᠦᠭᠡᠭᠡᠰᠢᠭ᠌ ᠦᠪᠡᠷ ᠤᠨ ᠡᠭᠦᠳᠦᠨ ᠡᠷᠬᠢᠯᠡᠭᠰᠡᠨ 《ᠤᠯᠠᠭᠠᠨ ᠪᠠᠷᠰ》ᠰᠡᠳᠭᠦᠯ ᠤᠨ ᠲᠦᠷᠪᠡᠳᠦᠭᠡᠷ ᠬᠤᠭᠤᠴᠠᠭ᠎ᠠ ᠳᠤ 《ᠰᠸᠩ ᠸᠠᠩ ᠤᠨ ᠳᠠᠭᠤᠤ》 ᠶ᠋ᠢ ᠡᠮᠬᠢᠳᠭᠡᠨ ᠨᠡᠢ᠌ᠳᠡᠯᠡᠵᠡᠢ᠃ ᠳᠤᠰ ᠳᠠᠭᠤᠤ ᠳᠤ ᠰᠸᠩ ᠸᠠᠩ ᠤᠨ ᠤᠯᠤᠰ ᠶᠢᠨᠨ ᠬᠠᠢ᠌ᠷᠠᠯᠠᠬᠤ ᠦᠵᠡᠯ᠃ ᠤᠯᠤᠰ ᠦᠨᠳᠦᠰᠦᠳᠡᠨ ᠦ ᠳᠤᠰᠠᠭᠠᠷ ᠲᠤᠭᠳᠠᠨᠢᠯ ᠪᠠ ᠡᠷᠭᠡ ᠮᠡᠳᠡᠯ ᠤᠨ ᠲᠦᠯᠦᠭᠡ ᠪᠠᠭᠠᠳᠤᠷᠯᠢᠭ ᠳᠡᠮᠡᠴᠡᠭᠰᠡᠨ ᠦᠢᠯᠡ ᠠᠵᠢᠯᠯᠠᠭ᠎ᠠ ᠶᠢ ᠮᠠᠭᠲᠠᠨ ᠳᠠᠭᠤᠯᠠᠵᠠᠢ᠃ |