摘要 |
ᠦᠨᠳᠦᠰᠦᠳᠡᠨ ᠤ ᠤᠯᠠᠮᠵᠢᠯᠠᠯᠳᠤ ᠶᠤᠰᠤ ᠰᠤᠷᠳᠠᠬᠤᠨ᠂ ᠭᠤᠣ᠎ᠠ ᠰᠠᠢ᠌ᠬᠠᠨ ᠤ ᠦᠵᠡᠯᠳᠡ᠂ ᠦᠷᠳᠡᠭ ᠤᠨ ᠪᠠᠷᠢᠮᠵᠢᠶ᠎ᠠ᠂ ᠨᠡᠢ᠌ᠭᠡᠮ ᠤᠨ ᠱᠠᠭᠠᠷᠳᠠᠯᠭ᠎ᠠ ᠵᠡᠷᠭᠡ ᠪᠡᠶᠡᠴᠢ ᠪᠤᠰᠤᠳᠴᠢ ᠰᠢᠯᠳᠠᠭᠠᠨ ᠡᠴᠡ ᠪᠤᠯᠵᠤ ᠮᠤᠩᠭ᠋ᠤᠯ ᠡᠮᠡᠭᠳᠡᠢ ᠵᠤᠬᠢᠶᠠᠯᠴᠢᠳ ᠤᠨ ᠲᠤᠭᠤᠷᠪᠢᠯ ᠳᠤ ᠵᠢᠩᠭᠢᠨᠢ ᠤᠳᠬ᠎ᠠ ᠲᠡᠭᠡᠷᠡᠬᠢ《ᠮᠠᠬᠠᠪᠤᠳ ᠤᠨ ᠪᠢᠴᠢᠯᠭᠡ》 ᠬᠠᠷᠠᠬᠠᠨ ᠢᠯᠡᠷᠡᠭᠡᠳᠦᠢ ᠪᠤᠶᠤ ᠪᠠᠭᠤᠷᠠᠢ ᠪᠠᠢ᠌ᠵᠤ᠂ ᠬᠠᠷᠢᠨ ᠬᠡᠷᠡᠭᠯᠡᠭᠡᠨ ᠤ ᠦᠵᠡᠯ ᠪᠤᠶᠤ ᠬᠤᠵᠢᠭᠤ ᠤᠳᠤᠬᠢᠴᠢ ᠦᠵᠡᠯ ᠤᠨ ᠦᠳᠦᠭᠡᠯᠭᠡ ᠲᠤᠤᠷ᠎ᠠ ᠡᠮᠡᠭᠳᠡᠢ ᠬᠦᠮᠦᠨ ᠢ ᠲᠦᠯᠦᠭᠡᠯᠡᠭᠰᠡᠨ — ᠮᠠᠬᠠᠪᠤᠳ ᠪᠡᠶ᠎ᠡ ᠨᠢ ᠡᠷᠡᠭᠳᠡᠢ ᠲᠤᠭᠤᠷᠪᠢᠭᠴᠢᠳ ᠤᠨ ᠬᠠᠷᠠᠭᠠᠨ ᠳᠤ ᠪᠠᠬᠠᠳᠤᠭᠳᠠᠨ ᠤᠷᠤᠭᠠᠳ᠂ ᠲᠠᠸᠠᠷᠵᠢᠭᠰᠠᠨ ᠰᠢᠨᠤᠯ — 《ᠮᠠᠬᠠᠪᠤᠳ ᠤᠨ ᠪᠢᠴᠢᠯᠭᠡ》 ᠶᠢᠨ ᠭᠠᠢ᠌ᠬᠠᠭᠤᠯᠤᠯ ᠬᠢᠬᠦ ᠪᠤᠯᠤᠭᠰᠠᠨ ᠪᠠᠢ᠌ᠨ᠎ᠠ᠃ |