题名 |
18 ᠳᠤᠭᠠᠷ ᠵᠠᠭᠤᠨ ᠤ ᠮᠣᠩᠭᠤᠯ ᠬᠠᠳ ᠤᠨ ᠦᠨᠳᠦᠰᠦᠨ ᠦ ᠲᠡᠦᠬᠡ ᠪᠢᠴᠢᠯᠭᠡ ᠶᠢᠨ ᠨᠡᠢᠲᠡᠯᠢᠭ ᠣᠨᠴᠠᠯᠢᠭ ᠤᠨ ᠲᠤᠬᠠᠢ ᠦᠭᠦᠯᠡᠬᠦ ᠨᠢ |
作者 |
ᠨᠠᠷᠠᠰᠤ |
关键词 |
18 ᠳᠤᠭᠠᠷ ᠵᠠᠭᠤᠨ; ᠬᠠᠳ ᠤᠨ ᠦᠨᠳᠦᠰᠦᠨ ᠦ ᠲᠡᠦᠬᠡ ᠪᠢᠴᠢᠯᠭᠡ; ᠨᠡᠢᠲᠡᠯᠢᠭ ᠣᠨᠴᠠᠯᠢᠭ |
摘要 |
18 ᠳᠤᠭᠠᠷ ᠵᠠᠭᠤᠨ ᠤ ᠮᠣᠩᠭᠤᠯ ᠬᠠᠳ ᠤᠨ ᠦᠨᠳᠦᠰᠦᠨ ᠦ ᠲᠡᠦᠬᠡ ᠪᠢᠴᠢᠯᠭᠡ ᠶᠢᠨ ᠨᠡᠢᠲᠡᠯᠢᠭ ᠣᠨᠴᠠᠯᠢᠭ ᠨᠢ ᠠᠭᠤᠯᠭ᠎ᠠ ᠶᠢᠨ ᠲᠠᠯ᠎ᠠ ᠪᠠᠷ ᠬᠠᠳ ᠤᠨ ᠦᠨᠳᠦᠰᠦ ᠶᠢ ᠣᠨ ᠳᠠᠷᠠᠭᠠᠯᠠᠨ ᠪᠢᠴᠢᠭᠰᠡᠨ ᠪᠠ ᠦᠪᠡᠷ ᠦᠨ ᠣᠷᠤᠰᠢᠨ ᠠᠮᠢᠳᠤᠷᠠᠵᠤ ᠪᠠᠢᠭᠰᠠᠨ 18 ᠳᠤᠭᠠᠷ ᠵᠠᠭᠤᠨ ᠤ ᠬᠠᠳ ᠨᠤᠶᠠᠳ ᠤᠨ ᠤᠭ ᠦᠨᠳᠰᠦ ᠶᠢ ᠨᠠᠷᠢᠯᠢᠭ ᠪᠢᠴᠢᠵᠦ᠂ ᠲᠡᠦᠬᠡᠨ ᠬᠡᠷᠡᠭ ᠤᠴᠢᠷ ᠤᠨ ᠲᠡᠮᠳᠡᠭᠯᠡᠯ ᠳᠦ ᠰᠢᠭᠦᠮᠵᠢᠯᠡᠯᠲᠡᠢ ᠬᠠᠨᠳᠤᠵᠤ ᠲᠡᠦᠬᠡᠨ ᠰᠢᠭᠦᠮᠵᠢ ᠦᠯᠡᠳᠡᠭᠡᠭᠰᠡᠨ ᠢᠶᠡᠷ ᠢᠶᠡᠨ ᠣᠨᠴᠠᠯᠠᠭᠳᠠᠵᠤ ᠪᠠᠢᠳᠠᠭ᠃ ᠪᠢᠴᠢᠯᠭᠡ ᠶᠢᠨ ᠬᠡᠯᠪᠡᠷᠢ ᠨᠢ ᠪᠦᠯᠦᠭᠴᠢᠯᠡᠨ ᠪᠢᠴᠢᠬᠦ ᠠᠷᠭ᠎ᠠ ᠶᠢ ᠬᠡᠷᠡᠭᠯᠡᠵᠦ ᠬᠠᠳ ᠨᠤᠶᠠᠳ ᠤᠨ ᠤᠭ ᠦᠨᠳᠦᠰᠦ᠂ ᠮᠣᠩᠭᠤᠯ ᠨᠤᠶᠠᠳ ᠤᠨ ᠦᠶ᠎ᠡ ᠬᠡᠯᠬᠢᠶ ᠡ ᠶᠢ ᠦᠪᠡᠷ ᠦᠨ ᠲᠡᠦᠬᠡ ᠪᠢᠴᠢᠭᠰᠡᠨ 18 ᠳᠤᠭᠠᠷ ᠵᠠᠭᠤᠨ ᠪᠤᠯᠲᠠᠯ᠎ᠠ ᠬᠡᠯᠬᠢᠨ ᠪᠢᠴᠢᠭᠯᠡᠭᠰᠡᠨ ᠨᠢ ᠪᠠᠰᠠ ᠲᠡᠭᠦᠨ ᠦ ᠨᠢᠭᠡᠨ ᠦᠪᠡᠷᠮᠢᠴᠡ ᠣᠨᠠᠯᠢᠭ ᠪᠤᠯᠵᠠᠢ᠃ ᠲᠤᠰ ᠦᠭᠦᠯᠡᠯ ᠳᠦ᠂ ᠭᠤᠮᠪᠤᠵᠠᠪ ᠤᠨ 《ᠭᠠᠩᠭ᠍᠍ᠠ ᠶᠢᠨ ᠤᠷᠤᠰᠬᠠᠯ》᠂ ᠳ᠋ᠾᠠᠷᠮ᠎ᠠ ᠬᠦᠦᠰᠢ ᠶᠢᠨ 《ᠠᠯᠲᠠᠨ ᠬᠦᠷᠳᠦᠨ ᠮᠢᠩᠭᠠᠨ ᠭᠡᠭᠡᠰᠦᠲᠦ》᠂ ᠮᠡᠷᠭᠡᠨ ᠭᠡᠭᠡᠨ ᠦ 《ᠠᠯᠲᠠᠨ ᠡᠷᠢᠭᠡ》᠂ ᠷᠠᠰᠢᠫᠤᠩᠰᠤᠭ ᠤᠨ 《ᠪᠤᠯᠤᠷ ᠡᠷᠢᠭᠡ》 ᠵᠡᠷᠭᠡ ᠲᠡᠦᠬᠡᠨ ᠰᠤᠷᠪᠤᠯᠵᠢ ᠶᠢᠨ ᠨᠡᠢᠲᠡᠯᠢᠭ ᠣᠨᠴᠠᠯᠢᠭ ᠢ ᠲᠡᠦᠬᠡᠨ ᠮᠠᠲ᠋ᠧᠷᠢᠶᠠᠯ ᠤᠨ ᠰᠤᠩᠭᠤᠯᠲᠠ᠂ ᠪᠢᠴᠢᠯᠭᠡ ᠶᠢᠨ ᠠᠷᠭ᠎ᠠ ᠭᠡᠬᠦ ᠬᠤᠶᠠᠷ ᠲᠠᠯ᠎ᠠ ᠳᠤ ᠬᠤᠷᠢᠶᠠᠨ ᠰᠢᠨᠵᠢᠯᠡᠪᠡ᠃ |
原文 |
查看原文
|
出自 |
中国蒙古学
2015年
第3期
|