论文信息


题名 ᠣᠷᠴᠢᠨ ᠴᠠᠭ ᠤᠨ ᠮᠣᠩᠭᠤᠯ ᠬᠡᠯᠡᠨ ᠦ ᠴᠠᠭ ᠣᠷᠤᠨ ᠤ ᠳᠠᠢ᠌ᠢᠪᠤᠷ ᠦᠭᠡ ᠶᠢᠨ ᠬᠤᠶᠠᠳᠠᠮᠠᠯ ᠰᠢᠨᠵᠢ ᠶᠢᠨ ᠲᠤᠬᠠᠢ ᠲᠤᠪᠴᠢ ᠦᠭᠦᠯᠡᠬᠦ ᠨᠢ
作者 ᠪᠤᠤ ᠨᠠᠷᠠᠰᠤ; ᠡᠷᠳᠡᠨᠢᠴᠤᠭᠯᠠ
关键词 ᠳᠠᠢ᠌ᠢᠪᠤᠷᠢ ᠦᠭᠡ; ᠴᠠᠭ ᠣᠷᠤᠨ ᠤ ᠳᠠᠢ᠌ᠢᠪᠤᠷᠢ ᠦᠭᠡ; ᠬᠤᠶᠠᠳᠠᠮᠠᠯ ᠰᠢᠨᠵᠢ
摘要 ᠮᠣᠩᠭᠤᠯ ᠬᠡᠯᠡᠨ ᠦ ᠦᠭᠡᠰ ᠦᠨ ᠠᠢ᠌ᠮᠠᠭ ᠤᠨ ᠲᠤᠬᠠᠢ ᠡᠷᠳᠡᠮᠲᠡᠳ ᠠᠳᠠᠯᠢ ᠪᠤᠰᠤ ᠪᠠᠷ ᠠᠩᠭᠢᠯᠠᠵᠤ ᠪᠠᠢ᠌ᠢᠬᠤ ᠶᠢ ᠬᠠᠷᠢᠴᠠᠭᠤᠯᠤᠨ ᠦᠵᠡᠬᠦ ᠳᠦ ᠭᠤᠤᠯᠳᠠᠭᠤ ᠳᠠᠢ᠌ᠢᠪᠤᠷᠢ ᠦᠭᠡ ᠶᠢᠨ ᠲᠤᠬᠠᠢ ᠠᠰᠠᠭᠤᠳᠠᠯ ᠳᠡᠭᠡᠷ᠎ᠡ ᠨᠢᠭᠡᠲᠦᠯ ᠦᠭᠡᠢ ᠪᠠᠢ᠌ᠬᠤ ᠨᠢ ᠢᠯᠡᠷᠬᠡᠢ ᠪᠠᠢ᠌ᠨ᠎ᠠ᠃ ᠳᠠᠷᠤᠢ ᠡᠷᠳᠡᠮᠲᠡᠳ ᠦᠨ ᠵᠠᠷᠢᠮ ᠨᠢ ᠳᠠᠢ᠌ᠪᠤᠷᠢ ᠦᠭᠡ ᠭᠡᠵᠦ ᠦᠵᠡᠭᠰᠡᠨ ᠢᠶᠡᠨ ᠪᠡᠶᠲᠦ ᠦᠭᠡᠨ ᠳᠦ ᠣᠷᠤᠭᠤᠯᠵᠤ᠂ ᠳᠠᠢ᠌ᠪᠤᠷᠢ ᠦᠭᠡ ᠪᠢᠰᠢ ᠭᠡᠵᠦ ᠦᠵᠡᠭᠰᠡᠨ ᠢᠶᠡᠨ ᠬᠡᠢ᠌ᠰᠪᠦᠷᠢ ᠦᠭᠡᠨ ᠳᠦ ᠪᠠᠭᠲᠠᠭᠠᠭᠰᠠᠨ ᠪᠠᠢ᠌ᠨ᠎ᠠ᠃ ᠦᠨᠡᠨ ᠳᠡᠭᠡᠨ 《ᠭᠠᠳᠠᠨ᠎ᠠ᠂ ᠳᠤᠲᠤᠨ᠎ᠠ᠂ ᠳᠡᠭᠡᠷ᠎ᠡ᠂ ᠳᠤᠤᠷ᠎ᠠ᠂ ᠡᠮᠦᠨ᠎ᠡ᠂ ᠬᠤᠢ᠌ᠨ᠎ᠠ ᠁》ᠭᠡᠬᠦ ᠵᠡᠷᠭᠡ ᠮᠣᠩ᠋ᠭᠤᠯ ᠬᠡᠯᠡᠨ ᠦ ᠦᠭᠡ ᠪᠤᠯ ᠲᠡᠢ᠌ᠨ ᠢᠯᠭᠠᠯ ᠢᠶᠠᠷ ᠢᠯᠭᠠᠯᠠᠭᠳᠠᠬᠤ ᠪᠠ ᠦᠭᠦᠯᠡᠪᠦᠷᠢᠳᠦ ᠪᠡᠶ᠎ᠡ ᠪᠡᠨ ᠳᠠᠭᠠᠭᠠᠭᠰᠠᠨ ᠭᠡᠰᠢᠭᠦᠨ ᠪᠤᠯᠵᠤ ᠴᠢᠳᠠᠳᠠᠭ ᠲᠤᠯᠠ ᠪᠡᠶᠡᠲᠦ ᠦᠭᠡ ᠶᠢᠨ ᠰᠢᠨᠵᠢ ᠨᠢ ᠳᠠᠪᠠᠮᠠᠭᠠᠢ ᠪᠠᠢ᠌ᠳᠠᠭ᠃ ᠤᠴᠢᠷ ᠡᠢ᠌ᠮᠦ ᠡᠴᠡ ᠲᠡᠳᠡᠭᠡᠷ ᠴᠠᠭ ᠣᠷᠤᠨ ᠤ ᠳᠠᠢ᠌ᠪᠤᠷᠢ ᠦᠭᠡ ᠶᠢ ᠪᠡᠶᠡᠲᠦ ᠦᠭᠡ ᠶᠢᠨ ᠠᠢ᠌ᠮᠠᠭ ᠲᠤ ᠪᠠᠭᠲᠠᠭᠠᠨ ᠣᠷᠤᠭᠤᠯᠪᠠᠯ ᠵᠤᠬᠢᠨ᠎ᠠ᠃
原文 查看原文
出自 中国蒙古学 2013年 第4期

联系我们


内蒙古大学图书馆
呼和浩特市大学西路235号
中国·内蒙古
P: (0471) 4992561
E: huangfeilong@imu.edu.cn