论文信息


题名 ᠬᠦᠳᠡᠨ ᠬᠠᠨ ᠤᠯᠤᠰ ᠪᠦᠷᠢᠯᠳᠦᠭᠰᠡᠨ ᠲᠤᠬᠠᠢ ᠰᠢᠨᠵᠢᠯᠡᠬᠦ ᠨᠢ
作者 ᠭᠠᠩᠪᠠᠲᠤ
关键词 ᠬᠦᠳᠡᠨ; ᠬᠠᠨ ᠤᠯᠤᠰ; ᠯᠢᠶᠠᠩᠵᠧᠤ; ᠪᠦᠷᠢᠯᠳᠦᠭᠰᠡᠨ
摘要 ᠬᠦᠳᠡᠨ ᠬᠠᠨ ᠤᠯᠤᠰ ᠢ ᠪᠦᠷᠢᠯᠳᠦᠭᠦᠯᠦᠭᠰᠡᠨ ᠬᠦᠮᠦᠨ ᠪᠤᠯ ᠶᠡᠬᠡ ᠮᠣᠩᠭᠤᠯ ᠬᠠᠭᠠᠨᠲᠤ ᠤᠯᠤᠰ ᠤᠨ ᠦᠭᠡᠳᠡᠢ ᠬᠠᠭᠠᠨ ᠤ ᠬᠤᠶᠠᠳᠤᠭᠠᠷ ᠬᠦᠪᠡᠭᠦᠨ (ᠵᠠᠷᠢᠮ ᠲᠡᠦᠬᠡᠨ ᠮᠠᠲ᠋ᠧᠷᠢᠶᠠᠯ ᠳᠤ ᠭᠤᠷᠪᠠᠳᠤᠭᠠᠷ ᠬᠦᠪᠡᠭᠦᠨ ᠭᠡᠬᠦ) ᠬᠦᠳᠡᠨ ᠪᠤᠯᠤᠨ᠎ᠠ᠃ ᠬᠦᠳᠡᠨ 1201 ᠣᠨ ᠬᠦᠷᠲᠡᠯ᠎ᠡ ᠠᠮᠢᠳᠤᠷᠠᠭᠰᠠᠨ᠂ ᠲᠡᠷᠡ ᠪᠤᠯ ᠦᠭᠡᠳᠡᠢ ᠬᠠᠭᠠᠨ ᠤ ᠰᠢᠯᠵᠢ ᠬᠠᠲᠤᠨ (ᠭᠤᠷᠪᠠᠳᠤᠭᠠᠷ ᠬᠠᠲᠤᠨ) ᠠᠴᠠ ᠲᠦᠷᠦᠭᠰᠡᠨ ᠬᠦᠪᠡᠭᠦᠨ ᠮᠦᠨ᠃ ᠦᠭᠡᠳᠡᠢ ᠬᠠᠭᠠᠨ ᠪᠠᠷ ᠨᠤᠶᠠᠷᠬᠠᠯ ᠤᠨ ᠬᠤᠭᠤᠴᠠᠭᠠᠨ ᠤ ᠡᠬᠢᠨ ᠳᠦ ᠯᠢᠶᠠᠩᠵᠧᠤ ᠪᠠᠷ ᠲᠦᠪ ᠪᠤᠯᠭᠠᠭᠰᠠᠨ ᠬᠠᠰᠢᠨ ᠬᠤᠭᠤᠯᠠᠢ ᠣᠷᠤᠨ ᠢ ᠲᠡᠭᠦᠨ ᠦ ᠭᠤᠷᠪᠠᠳᠤᠭᠠᠷ ᠬᠦᠪᠡᠭᠦᠨ ᠬᠦᠳᠡᠨ ᠳᠦ ᠬᠤᠪᠢ ᠡᠷᠭᠦᠮᠵᠢᠯᠡᠭᠰᠡᠨ ᠪᠠᠢᠨ᠎ᠠ᠃ ᠡᠭᠦᠨ ᠡᠴᠡ ᠬᠤᠢᠰᠢᠲᠠ ᠬᠦᠳᠡᠨ ᠬᠠᠨ ᠪᠠ ᠲᠡᠭᠦᠨ ᠦ ᠬᠤᠢᠴᠢᠰ 100 ᠢᠯᠡᠭᠦᠦ ᠵᠢᠯ ᠲᠤᠰ ᠣᠷᠤᠨ ᠢ ᠦᠮᠴᠢᠯᠡᠨ ᠨᠤᠶᠠᠷᠬᠠᠭᠰᠠᠨ ᠶᠤᠮ᠃ ᠲᠡᠭᠦᠨ ᠦ ᠨᠤᠶᠠᠷᠬᠠᠯ ᠨᠢ ᠬᠡᠯᠪᠡᠷᠢ ᠡᠴᠡ ᠰᠢᠨᠵᠢ ᠴᠢᠨᠠᠷ ᠲᠤ ᠬᠦᠷᠲᠡᠯ᠎ᠡ 《ᠤᠯᠤᠰ ᠤᠨ ᠳᠤᠲᠤᠷᠠᠬᠢ ᠤᠯᠤᠰ》 ᠪᠤᠯᠬᠤᠷ ᠬᠦᠳᠡᠨ ᠬᠠᠨ ᠤᠯᠤᠰ ᠪᠤᠯᠵᠤ ᠲᠤᠭᠲᠠᠨᠢᠭᠰᠠᠨ ᠪᠠᠢᠨ᠎ᠠ᠃ ᠬᠦᠳᠡᠨ ᠦ ᠬᠠᠰᠢᠨ ᠬᠤᠭᠤᠯᠠᠢ ᠣᠷᠤᠨ ᠳᠠᠬᠢ ᠡᠷᠬᠡ ᠮᠡᠳᠡᠯ᠂ ᠬᠦᠴᠦᠨ ᠴᠢᠳᠠᠯ᠂ ᠬᠦᠷᠢᠶ᠎ᠡ ᠬᠡᠪᠴᠢᠶ᠎ᠡ ᠪᠤᠯᠤᠨ ᠪᠠᠢᠷᠢ ᠰᠠᠭᠤᠷᠢ ᠨᠢ ᠪᠡᠶ᠎ᠡ ᠪᠡᠨ ᠳᠠᠭᠠᠭᠠᠭᠰᠠᠨ ᠲᠤᠰᠠᠭᠠᠷ ᠴᠢᠨᠠᠷ ᠬᠢᠭᠡᠳ ᠡᠷᠬᠡ ᠮᠡᠳᠡᠭᠰᠡᠨ ᠴᠢᠨᠠᠷ ᠢᠶᠠᠷ ᠴᠢᠩᠭ᠍᠎ᠠ ᠬᠦᠴᠦᠲᠡᠢ ᠪᠤᠯᠬᠤᠷ ᠬᠤᠪᠢ ᠡᠷᠭᠦᠮᠵᠢᠯᠡᠯᠲᠦ ᠤᠯᠤᠰ ᠢ ᠪᠦᠷᠢᠯᠳᠦᠯᠦᠭᠰᠡᠨ ᠶᠤᠮ᠃
原文 查看原文
出自 中国蒙古学 2015年 第4期

联系我们


内蒙古大学图书馆
呼和浩特市大学西路235号
中国·内蒙古
P: (0471) 4992561
E: huangfeilong@imu.edu.cn