论文信息


题名 《ᠡᠷᠳᠡᠨᠢ ᠶᠢᠨ ᠲᠤᠪᠴᠢ》᠋ ᠶᠢᠨ ᠮᠣᠩᠭᠣᠯ ᠮᠠᠨᠵᠤ ᠬᠢᠲᠠᠳ ᠪᠡᠷ ᠳᠡᠪᠳᠡᠷ ᠤᠨ ᠠᠰᠠᠭᠤᠳᠠᠯ᠄ 《ᠤᠭᠤᠷᠴᠠᠭ》ᠬᠡᠮᠡᠬᠦ ᠦᠬᠡ ᠡᠴᠡ ᠰᠡᠳᠦᠪᠯᠡᠬᠦ ᠨᠢ
作者 ᠳ᠂ ᠭᠤᠦ ᠠ
关键词 《ᠡᠷᠳᠡᠨᠢ ᠶᠢᠨ ᠲᠤᠪᠴᠢ》; ᠪᠡᠷ ᠳᠡᠪᠳᠡᠷ;ᠦᠬᠡᠰ ᠤᠨ ᠲᠠᠢᠯᠪᠤᠷᠢ; 《ᠤᠭᠤᠷᠴᠠᠭ》
摘要 《ᠮᠣᠩᠭᠣᠯ ᠤᠨ ᠨᠢᠭᠤᠴᠠ ᠲᠤᠪᠴᠢᠶᠠᠨ》᠋ᠳᠤ ᠲᠤᠬᠢᠶᠠᠯᠳᠤᠬᠤ ᠲᠦᠩᠬᠡᠯᠡᠢᠭ᠌ ᠭᠤᠷᠤᠬᠠᠨ ᠤᠷᠤᠬᠤ ᠨᠡᠭᠦᠵᠦ ᠢᠷᠡᠭᠰᠡᠨ 《ᠪᠦᠯᠦᠭ ᠢᠷᠭᠡᠨ》᠂《ᠡᠷᠳᠡᠨᠢ ᠶᠢᠨ ᠲᠤᠪᠴᠢ》᠋ ᠳᠤ 《ᠤᠭᠤᠷᠴᠠᠭ ᠤᠯᠤᠰ》ᠪᠤᠯᠭᠠᠵᠤ ᠤᠳᠬᠠᠴᠢᠯᠠᠵᠤ ᠲᠤᠭᠢᠭᠰᠠᠨ ᠪᠦᠭᠡᠳ ᠮᠠᠨᠵᠤ ᠳᠡᠷᠢᠭᠦᠳᠡᠢ ᠤᠯᠠᠨ ᠬᠡᠯᠡᠨ ᠦ ᠤᠷᠴᠢᠭᠤᠯᠭ᠎ᠠ ᠳᠤ ᠲᠤᠰ ᠦᠬᠡ ᠶᠢ ᠠᠪᠢᠶᠠᠴᠢᠯᠠᠨ ᠪᠠᠭᠤᠯᠭᠠᠵᠤ᠂ ᠦᠭᠦᠯᠡᠪᠦᠷᠢ ᠶᠢᠨ ᠤᠳᠬ ᠠ ᠦᠬᠡᠷᠡᠳᠡᠭᠰᠡᠨ ᠪᠠᠢᠳᠠᠭ᠃ ᠡᠭᠦᠨ ᠦ ᠭᠤᠤᠯ ᠦᠨᠳᠦᠰᠦ ᠨᠢ 《ᠡᠷᠳᠡᠨᠢ ᠶᠢᠨ ᠲᠤᠪᠴᠢ》᠋ ᠶᠢᠨ ᠮᠣᠩᠭᠣᠯ ᠡᠬᠡ ᠳᠡᠪᠳᠡᠷ ᠲᠤ 《ᠮᠣᠩᠭᠣᠯ ᠤᠨ ᠨᠢᠭᠤᠴᠠ ᠲᠤᠪᠴᠢᠶᠠᠨ》᠋ ᠦ ᠦᠬᠡ ᠶᠢ ᠦᠬᠡᠷᠡᠳᠡᠭᠦᠯᠦᠭᠰᠡᠨ ᠡᠴᠡ ᠪᠤᠯᠤᠭᠰᠠᠨ ᠬᠡᠳᠡᠭ ᠢ ᠤᠯᠠᠨ ᠲᠠᠯ ᠠ ᠡᠴᠡ ᠰᠢᠨᠵᠢᠯᠡᠨ ᠪᠠᠳᠤᠯᠠᠬᠤ ᠶᠢᠨ ᠬᠠᠵᠠᠭᠤ ᠪᠡᠷ 《ᠡᠷᠳᠡᠨᠢ ᠶᠢᠨ ᠲᠤᠪᠴᠢ》 ᠋ ᠶᠢᠨ ᠮᠣᠩᠭᠣᠯ ᠡᠬᠡ 《ᠮᠣᠩᠭᠣᠯ ᠤᠨ ᠨᠢᠭᠤᠴᠠ ᠲᠤᠪᠴᠢᠶᠠᠨ》᠋ ᠦ ᠦᠯᠢᠬᠡᠷ ᠰᠡᠯᠳᠡ ᠡᠴᠡ ᠡᠰᠢᠯᠡᠬᠦ ᠳᠡᠬᠡᠨ ᠦᠯᠢᠭᠡᠷ ᠤᠨ ᠠᠭᠤᠯᠭ᠎ᠠ᠋ ᠶᠢ ᠲᠤᠪᠴᠢᠯᠠᠵᠤ ᠬᠤᠷᠢᠶᠠᠩᠭᠤᠢᠯᠠᠬᠤ᠂ ᠴᠤᠮᠬᠤᠬᠠᠨ ᠲᠤᠳᠤᠳᠬᠠᠬᠤ ᠬᠠᠨᠳᠤᠯᠭ᠎ᠠ ᠪᠠᠢ᠌ᠬᠤ ᠡᠴᠡ ᠭᠠᠲᠠᠨ᠎ᠠ ᠪᠠᠰᠠ ᠦᠬᠡ ᠨᠠᠮᠠᠵᠤ ᠬᠠᠰᠤᠬᠤ᠂ ᠥᠭᠥᠯᠡᠪᠦᠷᠢ ᠶᠢ ᠦᠬᠡᠷᠡᠳᠡᠭᠦᠯᠬᠦ᠂ ᠴᠠᠭᠠᠰᠢᠯᠠᠪᠠᠯ ᠬᠡᠷᠡᠭ ᠤᠴᠢᠷ ᠢ ᠲᠤᠩᠭ᠋ᠤᠷᠠᠭᠤᠯᠬᠤ ᠬᠠᠨᠳᠤᠯᠭ᠎ᠠ ᠴᠤ ᠤᠷᠤᠰᠢᠵᠤ ᠪᠤᠢ᠃ ᠬᠤᠵᠢᠮ ᠤᠨ ᠲᠡᠦᠬᠡ ᠰᠤᠷᠪᠤᠯᠵᠢ ᠳᠤ ᠬᠤᠯᠪᠤᠭᠳᠠᠭᠰᠠᠨ ᠰᠤᠳᠤᠯᠭᠠᠨ ᠦ ᠡᠰᠢᠯᠡᠯᠳᠡ ᠳᠤ 《ᠮᠣᠩᠭᠣᠯ ᠤᠨ ᠨᠢᠭᠤᠴᠠ ᠲᠤᠪᠴᠢᠶᠠᠨ》ᠯᠤᠭ᠎ᠠ ᠬᠤᠯᠪᠤᠭᠳᠠᠯ ᠪᠦᠬᠦᠢ ᠬᠦᠮᠦᠨ ᠦᠢᠯᠡ ᠶᠢ《ᠮᠣᠩᠭᠣᠯ ᠤᠨ ᠨᠢᠭᠤᠴᠠ ᠲᠤᠪᠴᠢᠶᠠᠨ》ᠪᠤᠶᠤ ᠲᠤᠬᠠᠢ ᠶᠢᠨ ᠦᠶ ᠡ ᠶᠢᠨ ᠴᠢᠬᠤᠯᠠ ᠰᠤᠷᠪᠤᠯᠵᠢ ᠳᠡᠮᠳᠡᠭᠯᠡᠯ ᠳᠤ ᠰᠠᠭᠤᠷᠢᠯᠠᠬᠤ ᠴᠢᠬᠤᠯᠠ ᠲᠠᠢ᠃
原文 查看原文
出自 中国蒙古学 2010年 第1期

联系我们


内蒙古大学图书馆
呼和浩特市大学西路235号
中国·内蒙古
P: (0471) 4992561
E: huangfeilong@imu.edu.cn