题名 |
ᠴᠢᠩᠭᠢᠰ ᠬᠠᠭᠠᠨ ᠤ ᠬᠠᠷ᠎ᠠ ᠰᠦᠯᠳᠡ ᠶᠢᠨ ᠯᠤᠤ ᠵᠢᠯ ᠦᠨ ᠳᠦᠷᠪᠡᠨ ᠡᠯᠴᠢ ᠰᠦᠯᠳᠡ ᠶᠢ ᠵᠠᠯᠠᠬᠤ ᠳᠠᠢᠯᠭ᠎ᠠ ᠠᠴᠠ ᠶᠡᠬᠡ ᠪᠠᠭ᠎ᠠ ᠳᠠᠷᠬᠠᠳ ᠤᠨ ᠶᠠᠮᠤ ᠶᠢᠨ ᠨᠡᠷ᠎ᠡ ᠶᠢ ᠰᠢᠨᠵᠢᠯᠡᠬᠦ ᠨᠢ — ᠪᠦᠷᠢᠨᠲᠦ ᠵᠠᠰᠠᠭᠴᠢ ᠶᠢᠨ ᠳᠤᠯᠤᠳᠤᠭᠠᠷ ᠣᠨ ᠠᠴᠠ ᠳᠤᠮᠳᠠᠳᠤ ᠢᠷᠭᠡᠨ ᠤᠯᠤᠰ ᠤᠨ ᠬᠤᠷᠢ ᠶᠢᠰᠦᠳᠦᠭᠡᠷ ᠣᠨ ᠤ ᠬᠤᠭᠤᠷᠤᠨᠳᠤᠬᠢ ᠳᠠᠩᠰᠠ ᠠᠷᠬᠢᠪ ᠲᠤ ᠰᠠᠭᠤᠷᠢᠯᠠᠨ᠎ᠠ |
作者 |
ᠰᠡᠴᠡᠨᠪᠢᠯᠢᠭ |
关键词 |
ᠴᠢᠩᠭᠢᠰ ᠬᠠᠭᠠᠨ; ᠬᠠᠷ᠎ᠠ ᠰᠦᠯᠳᠡ; ᠶᠡᠬᠡ ᠲᠠᠷᠬᠠᠳ; ᠪᠠᠭ᠎ᠠ ᠲᠠᠷᠬᠠᠳ; ᠶᠠᠮᠤ ᠶᠢᠨ ᠨᠡᠷ᠎ᠡ |
摘要 |
ᠴᠢᠩᠭᠢᠰ ᠬᠠᠭᠠᠨ ᠤ ᠬᠠᠷᠠᠭ᠎ᠠ ᠶᠡᠬᠡᠲᠦ ᠬᠠᠷ᠎ᠠ ᠰᠦᠯᠳᠡ ᠶᠢ ᠪᠠᠰᠠ ᠳᠦᠷᠪᠡᠨ ᠬᠦᠯᠲᠦ ᠬᠠᠷ᠎ᠠ ᠰᠦᠯᠳᠡ ᠭᠡᠳᠡᠭ᠃ ᠲᠠᠷᠬᠠᠳ ᠬᠠᠷᠠᠭ᠎ᠠ ᠶᠡᠬᠡᠲᠦ ᠬᠠᠷ᠎ᠠ ᠰᠦᠯᠳᠡ ᠶᠢ ᠮᠦᠩᠬᠡ ᠲᠡᠭᠷᠢ ᠶᠢᠨ ᠡᠯᠴᠢ ᠪᠤᠶᠤ ᠮᠦᠩᠬᠡ ᠲᠡᠭᠷᠢ ᠶᠢᠨ ᠰᠦᠯᠳᠡ ᠰᠦᠨᠡᠰᠦ᠂ ᠴᠢᠩᠭᠢᠰ ᠬᠠᠭᠠᠨ ᠤ ᠭᠡᠭᠡᠨ ᠰᠦᠨᠡᠰᠦ ᠪᠤᠯᠤᠨ ᠨᠡᠢᠲᠡ ᠮᠣᠩᠭᠤᠯᠴᠤᠳ ᠤᠨ ᠰᠦᠯᠳᠡ ᠰᠦᠨᠡᠰᠦ ᠭᠤᠷᠪᠠ ᠪᠤᠯ ᠭᠤᠷᠮᠤᠰᠤᠯᠠᠨ ᠣᠷᠤᠰᠢᠬᠤ ᠣᠷᠤᠨ ᠭᠡᠵᠦ ᠦᠵᠡᠳᠡᠭ᠃ ᠴᠢᠩᠭᠢᠰ ᠬᠠᠭᠠᠨ ᠤ ᠬᠠᠷ᠎ᠠ ᠰᠦᠯᠳᠡ ᠶᠢᠨ ᠳᠦᠷᠪᠡᠨ ᠡᠯᠴᠢ ᠰᠦᠯᠳᠡ ᠶᠢ ᠯᠤᠤ ᠵᠢᠯ ᠲᠤᠬᠢᠶᠠᠯᠳᠤᠬᠤ ᠪᠦᠷᠢ ᠳᠦ ᠶᠡᠬᠡ ᠵᠤᠤ ᠶᠢᠨ ᠴᠢᠭᠤᠯᠭᠠᠨ ᠤ 7 ᠬᠤᠰᠢᠭᠤ ᠳᠤ ᠵᠠᠯᠠᠵᠤ ᠳᠠᠢᠯᠭ᠎ᠠ ᠬᠢᠳᠡᠭ ᠪᠠᠢᠵᠠᠢ᠃ ᠦᠭᠦᠯᠡᠯ ᠳᠦ᠂ ᠴᠢᠩ ᠤᠯᠤᠰ ᠤᠨ ᠪᠦᠷᠢᠨᠲᠦ ᠵᠠᠰᠠᠭᠴᠢ ᠶᠢᠨ ᠳᠤᠯᠤᠳᠤᠭᠠᠷ ᠣᠨ ᠠᠴᠠ ᠳᠤᠮᠳᠠᠳᠤ ᠢᠷᠭᠡᠨ ᠤᠯᠤᠰ ᠤᠨ ᠬᠤᠷᠢ ᠶᠢᠰᠦᠳᠦᠭᠡᠷ ᠣᠨ ᠤ ᠬᠤᠭᠤᠷᠤᠨᠳᠤ ᠶᠠᠪᠤᠭᠳᠠᠭᠰᠠᠨ 7 ᠤᠳᠠᠭ᠎ᠠ ᠶᠢᠨ ᠬᠠᠷ᠎ᠠ ᠰᠦᠯᠳᠡ ᠶᠢᠨ ᠯᠤᠤ ᠵᠢᠯ ᠦᠨ ᠡᠯᠴᠢ ᠰᠦᠯᠳᠡ ᠶᠢ ᠶᠡᠬᠡ ᠵᠤᠤ ᠶᠢᠨ ᠴᠢᠭᠤᠯᠭᠠᠨ ᠤ 7 ᠬᠤᠰᠢᠭᠤ ᠳᠤ ᠬᠤᠪᠢᠶᠠᠨ ᠵᠠᠯᠠᠬᠤ ᠳᠤ ᠮᠤᠷᠳᠠᠭᠰᠠᠨ ᠶᠡᠬᠡ ᠪᠠᠭ᠎ᠠ ᠲᠠᠷᠬᠠᠳ ᠤᠨ ᠶᠠᠮᠤ ᠶᠢᠨ ᠨᠡᠷ᠎ᠡ ᠳᠦ ᠪᠦᠷᠢᠳᠭᠡᠯ ᠬᠢᠵᠦ᠂ ᠬᠠᠷᠢᠴᠠᠭᠤᠯᠤᠨ ᠰᠢᠨᠵᠢᠯᠡᠵᠦ᠂ ᠲᠤᠬᠠᠢ ᠶᠢᠨ ᠦᠶ᠎ᠡ ᠶᠢᠨ ᠳᠠᠢᠯᠭ᠎ᠠ ᠭᠦᠢᠴᠡᠳᠭᠡᠭᠴᠢ ᠶᠡᠬᠡ ᠪᠠᠭ᠎ᠠ ᠳᠠᠷᠬᠠᠳ ᠶᠠᠮᠤ ᠶᠢᠨ ᠨᠡᠷ᠎ᠡ ᠶᠢ ᠲᠤᠳᠤᠯᠠᠬᠤ ᠪᠠᠷ ᠴᠢᠷᠮᠠᠢᠵᠠᠢ᠃ |
原文 |
查看原文
|
出自 |
中国蒙古学
2015年
第3期
|