论文信息


题名 ᠣᠷᠴᠢᠨ ᠴᠠᠭ ᠤᠨ ᠮᠣᠩᠭᠤᠯ ᠬᠡᠯᠡᠨ ᠦ ᠠᠩᠬᠠᠷᠤᠭᠤᠯᠬᠤ ᠦᠭᠦᠯᠡᠪᠦᠷᠢ ᠶᠢ ᠲᠦᠷᠦᠯ ᠵᠤᠢ᠌ᠢᠯ ᠬᠤᠪᠢᠶᠠᠬᠤ ᠲᠤᠬᠠᠢ
作者 ᠪᠤᠤ ᠹᠧᠩ ᠶᠢᠩ
关键词 ᠣᠷᠴᠢᠨ ᠴᠠᠭ; ᠮᠣᠩᠭᠤᠯ ᠬᠡᠯᠡ; ᠠᠩᠬᠠᠷᠤᠭᠤᠯᠬᠤ ᠦᠭᠦᠯᠡᠪᠦᠷᠢ; ᠲᠦᠷᠦᠯ ᠵᠤᠢ᠌ᠯ
摘要 ᠣᠷᠴᠢᠨ ᠴᠠᠭ ᠤᠨ ᠮᠣᠩ᠋ᠭᠤᠯ ᠬᠡᠯᠡᠨ ᠦ ᠦᠭᠦᠯᠡᠪᠦᠷᠢ ᠵᠦᠢ ᠶᠢᠨ ᠰᠤᠳᠤᠯᠭᠠᠨ ᠳᠤ᠂ ᠠᠩ᠋ᠬᠠᠷᠤᠭᠤᠯᠬᠤ ᠦᠭᠦᠯᠡᠪᠦᠷᠢ ᠶᠢ ᠲᠦᠷᠦᠯ ᠵᠤᠢ᠌ᠯ ᠬᠤᠪᠢᠶᠠᠨ ᠰᠤᠳᠤᠯᠤᠭ᠎ᠠ ᠦᠭᠡᠢ ᠪᠠᠢ᠌ᠨ᠎ᠠ᠃ ᠡᠨᠡ ᠪᠠᠢ᠌ᠳᠠᠯ ᠳᠤ ᠬᠠᠨᠳᠤᠭᠤᠯᠤᠨ ᠲᠤᠰ ᠦᠭᠦᠯᠡᠯ ᠳᠦ ᠬᠢᠲᠠᠳ ᠬᠡᠯᠡᠨ ᠦ ᠡᠨᠡ ᠲᠤᠬᠠᠢ ᠰᠤᠳᠤᠯᠭᠠᠨ ᠤ ᠰᠠᠭᠤᠷᠢ ᠳᠤ ᠰᠠᠭᠤᠷᠢᠯᠠᠨ᠂ ᠣᠷᠴᠢᠨ ᠴᠠᠭ ᠤᠨ ᠮᠣᠩ᠋ᠭᠤᠯ ᠬᠡᠯᠡᠨ ᠦ ᠠᠩ᠋ᠬᠠᠷᠤᠭᠤᠯᠬᠤ ᠦᠭᠦᠯᠡᠪᠦᠷᠢ ᠶᠢ ᠦᠭᠦᠯᠡᠪᠦᠷᠢ ᠶᠢᠨ ᠪᠦᠲᠦᠴᠡ ᠶᠢ ᠨᠢ ᠦᠨᠳᠦᠰᠦᠯᠡᠵᠦ᠂ ᠨᠡᠢ᠌ᠯᠡᠮᠡᠯ ᠦᠭᠦᠯᠡᠪᠦᠷᠢ ᠶᠢᠨ ᠬᠡᠯᠪᠡᠷᠢ ᠲᠡᠢ ᠠᠩ᠋ᠬᠠᠷᠤᠭᠤᠯᠬᠤ ᠦᠭᠦᠯᠡᠪᠦᠷᠢ ᠪᠤᠯᠤᠨ ᠡᠩ ᠦᠨ ᠦᠭᠦᠯᠡᠪᠦᠷᠢ ᠶᠢᠨ ᠬᠡᠯᠪᠡᠷᠢ ᠲᠡᠢ ᠠᠩ᠋ᠬᠠᠷᠤᠭᠤᠯᠬᠤ ᠦᠭᠦᠯᠡᠪᠦᠷᠢ ᠭᠡᠵᠦ ᠬᠤᠶᠠᠷ ᠶᠡᠬᠡ ᠲᠦᠷᠦᠯ ᠬᠤᠪᠢᠶᠠᠵᠤ᠂ ᠢᠯᠡᠳᠭᠡᠬᠦ ᠠᠷᠭ᠎ᠠ ᠪᠠᠷᠢᠯ ᠢᠶᠠᠷ ᠨᠢ ᠲᠤᠩ᠋ᠭᠤᠷᠤᠤ ᠬᠡᠯᠪᠡᠷᠢ ᠲᠡᠢ ᠠᠩ᠋ᠬᠠᠷᠤᠭᠤᠯᠬᠤ ᠦᠭᠦᠯᠡᠪᠦᠷᠢ; ᠳᠠᠪᠲᠠᠯᠲᠠ ᠶᠢ ᠬᠡᠷᠡᠭᠯᠡᠭᠰᠡᠨ ᠠᠩ᠋ᠬᠠᠷᠤᠭᠤᠯᠬᠤ ᠦᠭᠦᠯᠡᠪᠦᠷᠢ; ᠬᠠᠨᠳᠤᠯᠭ᠎ᠠ ᠦᠭᠡ 《ᠦᠨᠡᠬᠡᠷ᠂ ᠨᠡᠭᠡᠷᠡᠨ》ᠠᠭᠤᠯᠤᠭᠰᠠᠨ ᠠᠩ᠋ᠬᠠᠷᠤᠭᠤᠯᠬᠤ ᠦᠭᠦᠯᠡᠪᠦᠷᠢ; ᠠᠶᠠᠯᠭ᠎ᠠ ᠦᠭᠡ ᠠᠭᠤᠯᠤᠭᠰᠠᠨ ᠠᠩ᠋ᠬᠠᠷᠤᠭᠤᠯᠬᠤ ᠦᠭᠦᠯᠡᠪᠦᠷᠢ; ᠰᠤᠯᠠ ᠦᠭᠡ ᠠᠭᠤᠯᠤᠭᠰᠠᠨ ᠠᠩ᠋ᠬᠠᠷᠤᠭᠤᠯᠬᠤ ᠦᠭᠦᠯᠡᠪᠦᠷᠢ; ᠠᠰᠠᠭᠤᠬᠤ ᠲᠦᠯᠦᠭᠡᠨ ᠦ ᠦᠭᠡ ᠠᠭᠤᠯᠤᠭᠰᠠᠨ ᠠᠩ᠋ᠬᠠᠷᠤᠭᠤᠯᠬᠤ ᠦᠭᠦᠯᠡᠪᠦᠷᠢ ᠭᠡᠵᠦ ᠳᠤᠯᠤᠭᠠᠨ ᠲᠦᠷᠦᠯ ᠬᠤᠪᠢᠶᠠᠵᠤ ᠰᠢᠨᠵᠢᠯᠡᠬᠦ ᠪᠤᠯᠤᠨ᠎ᠠ᠃
原文 查看原文
出自 中国蒙古学 2013年 第3期

联系我们


内蒙古大学图书馆
呼和浩特市大学西路235号
中国·内蒙古
P: (0471) 4992561
E: huangfeilong@imu.edu.cn