题名 |
ᠬᠠᠷᠠᠴᠢᠨ ᠳᠤᠮᠳᠠᠳᠤ ᠬᠤᠰᠢᠭᠤᠨ ᠤ 《ᠦᠯᠵᠡᠢᠲᠦ ᠨᠤᠮ ᠤᠨ ᠢᠷᠦᠭᠡᠯᠲᠦ ᠰᠦᠮ᠎ᠡ》 ᠶᠢᠨ ᠲᠡᠦᠬᠡᠨ ᠳᠦ ᠬᠤᠯᠪᠤᠭᠳᠠᠬᠤ ᠵᠠᠷᠢᠮ ᠠᠰᠠᠭᠤᠳᠠᠯ ᠤᠨ ᠲᠤᠬᠠᠢ |
作者 |
ᠴᠠᠰᠤᠨ᠎ᠠ; ᠬᠤᠷᠴᠠ |
关键词 |
ᠴᠢᠩ ᠤᠯᠤᠰ; ᠬᠠᠷᠠᠴᠢᠨ ᠳᠤᠮᠳᠠᠳᠤ ᠬᠤᠰᠢᠭᠤ; ᠦᠯᠵᠡᠢᠲᠦ ᠨᠤᠮ ᠤᠨ ᠢᠷᠦᠭᠡᠯᠲᠦ ᠰᠦᠮ᠎ᠡ; ᠬᠤᠰᠢᠭᠤᠨ ᠰᠦᠮ᠎ᠡ; ᠰᠦᠮ᠎ᠡ ᠶᠢᠨ ᠬᠡᠷᠬᠡᠮᠲᠡᠨ ᠯᠠᠮᠠ |
摘要 |
ᠦᠪᠦᠷ ᠮᠣᠩᠭᠤᠯ ᠤᠨ ᠳᠠᠩᠰᠠ ᠡᠪᠬᠡᠮᠡᠯ ᠦᠨ ᠰᠠᠩ ᠳᠤ ᠬᠠᠳᠠᠭᠠᠯᠠᠭᠳᠠᠵᠤ ᠪᠠᠢᠬᠤ ᠴᠢᠩ ᠤᠯᠤᠰ ᠤᠨ ᠦᠶ᠎ᠡ ᠶᠢᠨ ᠬᠠᠷᠠᠴᠢᠨ ᠳᠤᠮᠳᠠᠳᠤ ᠬᠤᠰᠢᠭᠤᠨ ᠤ ᠮᠣᠩᠭᠤᠯ ᠳᠠᠩᠰᠠ ᠪᠢᠴᠢᠭ ᠪᠡ ᠬᠠᠮᠢᠶ᠎ᠠ ᠪᠦᠬᠦᠢ ᠰᠤᠷᠪᠤᠯᠵᠢ ᠪᠢᠴᠢᠭ᠂ ᠪᠠᠢᠴᠠᠭᠠᠯᠲᠠ ᠶᠢᠨ ᠮᠡᠳᠡᠭᠦᠯᠦᠯᠲᠡ ᠳᠦ ᠲᠤᠯᠭᠠᠷᠢᠭᠤᠯᠤᠨ ᠰᠢᠨᠵᠢᠯᠡᠪᠡᠯ᠂ ᠴᠢᠩ ᠤᠯᠤᠰ ᠠᠴᠠ ᠳᠤᠮᠳᠠᠳᠤ ᠢᠷᠭᠡᠨ ᠤᠯᠤᠰ ᠤᠨ ᠦᠶ᠎ᠡ ᠶᠢᠨ ᠬᠠᠷᠠᠴᠢᠨ ᠳᠤᠮᠳᠠᠳᠤ ᠬᠤᠰᠢᠭᠤᠨ ᠤ ᠬᠤᠰᠢᠭᠤᠨ ᠰᠦᠮ᠎ᠡ ᠪᠤᠯᠬᠤ 《ᠦᠯᠵᠡᠢᠲᠦ ᠨᠤᠮ ᠤᠨ ᠢᠷᠦᠭᠡᠯᠲᠦ ᠰᠦᠮ᠎ᠡ》 ᠶᠢᠨ ᠪᠠᠢᠭᠤᠯᠤᠭᠳᠠᠭᠰᠠᠨ ᠴᠠᠭ ᠦᠶ᠎ᠡ᠂ ᠰᠦᠮ ᠡ ᠶᠢᠨ ᠪᠠᠷᠢᠯᠭ᠎ᠠ ᠶᠢᠨ ᠪᠦᠲᠦᠴᠡ᠂ ᠠᠳᠠᠯᠢ ᠪᠤᠰᠤ ᠴᠠᠭ ᠦᠶ᠎ᠡ ᠶᠢᠨ ᠯᠠᠮᠠ ᠨᠠᠷ ᠤᠨ ᠲᠤᠭ᠎ᠠ᠂ ᠰᠦᠮ᠎ᠡ ᠶᠢᠨ ᠰᠠᠩ ᠤᠨ ᠠᠵᠤ ᠠᠬᠤᠢ᠂ ᠣᠷᠤᠯᠭ᠎ᠠ ᠵᠠᠷᠤᠯᠭ᠎ᠠ ᠠᠴᠠ ᠦᠵᠡᠬᠦ ᠳᠦ ᠲᠡᠷᠡ ᠨᠢ ᠪᠦᠬᠦ ᠬᠤᠰᠢᠭᠤᠨ ᠤ ᠰᠦᠮ᠎ᠡ ᠬᠡᠶᠢᠳ ᠢ ᠵᠠᠬᠢᠷᠬᠤ ᠡᠷᠬᠡ ᠮᠡᠳᠡᠯ᠂ ᠬᠡᠷᠬᠡᠮᠳᠡᠨ ᠯᠠᠮᠠ ᠨᠠᠷ ᠢ ᠲᠤᠮᠢᠯᠠᠬᠤ ᠪᠤᠶᠤ ᠣᠭᠴᠠᠷᠠᠭᠤᠯᠬᠤ ᠱᠠᠰᠢᠨ ᠤ ᠣᠨᠴᠠ ᠡᠷᠬᠡ ᠰᠦᠷ᠂ ᠪᠠᠢᠷᠢ ᠰᠠᠭᠤᠷᠢ ᠲᠠᠢ ᠪᠠᠢᠵᠠᠢ᠃ |
原文 |
查看原文
|
出自 |
中国蒙古学
2016年
第2期
|