题名 |
ᠮᠤᠨᠩᠭᠤᠯ ᠤᠷᠠᠨ ᠵᠤᠬᠢᠶᠠᠯ ᠤᠨ ᠲᠡᠦᠬᠡᠨ᠎ᠡ ᠪᠠᠯᠠᠷᠠᠰᠢ ᠦᠭᠡᠢ ᠨᠢᠭᠡᠨ ᠭᠡᠷᠡᠯᠲᠦ ᠬᠦᠰᠢᠶ᠎ᠡ |
作者 |
ᠮ᠂ ᠰ᠂ ᠦᠯᠵᠡᠢ |
关键词 |
《ᠵᠠᠭᠤᠨ ᠪᠢᠯᠢᠭ᠌》; ᠠᠭᠤᠯᠤᠮᠵᠢ; ᠤᠨᠴᠠᠯᠢᠭ; ᠦᠨ᠎ᠡ ᠴᠠᠨ᠎ᠠ |
摘要 |
《ᠵᠠᠭᠤᠨ ᠪᠢᠯᠢᠭ᠌》ᠨᠢ ᠵᠦᠪᠬᠡᠨ ᠮᠤᠩᠭᠤᠯ ᠤᠷᠠᠨ ᠵᠤᠬᠢᠶᠠᠯ ᠢ ᠰᠤᠷᠴᠤ ᠰᠤᠳᠤᠯᠬᠤ ᠬᠦᠮᠦᠰ ᠦᠨ ᠬᠡᠷᠡᠭᠴᠡᠭᠡᠨ ᠳᠦ ᠲᠡᠳᠦᠢ ᠦᠭᠡᠢ ᠪᠦᠬᠦᠶᠢᠯᠡ ᠮᠤᠩᠭᠤᠯ ᠰᠤᠳᠤᠯᠭᠠᠨ ᠤ ᠬᠦᠷᠢᠶᠡᠨ ᠳᠦ ᠰᠤᠳᠤᠯᠭ᠎ᠠ ᠰᠢᠨᠵᠢᠯᠡᠭᠡ ᠦᠷᠨᠢᠭᠦᠯᠵᠦ ᠶᠠᠪᠤᠭ᠎ᠠ ᠤᠯᠠᠨ ᠮᠡᠷᠭᠡᠳ ᠦᠨ ᠭᠠᠷ ᠤᠨ ᠠᠪᠤᠯᠭ᠎ᠠ ᠰᠢᠷᠡᠭᠡᠨ ᠦ ᠪᠠᠶᠢᠩ᠋ᠭᠤ ᠶᠢᠨ ᠨᠤᠮ ᠪᠤᠯᠤᠭᠰᠠᠨ ᠨᠢ ᠲᠤᠰ ᠨᠤᠮ ᠳᠤ ᠠᠭᠤᠯᠤᠭᠰᠠᠨ ᠪᠠᠶᠠᠯᠢᠭ ᠠᠭᠤᠯᠭ᠎ᠠ᠂ ᠦᠷᠭᠡᠨ ᠬᠡᠪᠴᠢᠶ᠎ᠡ ᠡᠴᠡ ᠭᠠᠳᠠᠨ᠎ᠠ ᠨᠠᠶᠢᠷᠠᠭᠤᠯᠤᠨ ᠲᠤᠭᠤᠷᠪᠢᠭᠴᠢ ᠶᠢᠨ ᠭᠦᠨ ᠮᠡᠳᠡᠯᠭᠡ᠂ ᠭᠦᠨᠵᠡᠭᠡᠢ ᠰᠤᠳᠤᠯᠤᠯ ᠲᠠᠢ ᠨᠢᠭᠲᠠ ᠬᠤᠯᠪᠤᠭᠳᠠᠨ᠎ᠠ ᠭᠡᠳᠡᠭ ᠢ ᠳᠠᠪᠲᠠᠨ ᠬᠡᠯᠡᠮᠡᠷ ᠪᠠᠶᠢᠨ᠎ᠠ᠃ ᠡᠬᠢᠯᠡᠯ ᠲᠡᠭᠦᠰᠭᠡᠯ ᠦᠨ ᠢᠶᠡᠨ ᠬᠤᠭᠤᠷᠤᠨᠳᠤ ᠤᠯᠠᠨ ᠵᠠᠭᠤᠨ ᠵᠢᠯ ᠢᠶᠡᠷ ᠠᠯᠤᠰᠯᠠᠭᠰᠠᠨ ᠠᠳᠠᠯᠢ ᠪᠤᠰᠤ ᠡᠷᠢᠨ ᠴᠠᠭ ᠤᠨ ᠶᠠᠩᠵᠤ ᠪᠥᠷᠢ ᠶᠢᠨ ᠪᠢᠴᠢᠮᠡᠯ᠂ ᠬᠠᠭᠤᠯᠪᠤᠷᠢ᠂ ᠪᠠᠷ ᠬᠡᠪᠯᠡᠯ ᠢᠶᠡᠷ ᠤᠯᠠᠮᠵᠢᠯᠠᠨ ᠢᠷᠡᠭᠰᠡᠨ ᠮᠤᠨᠭᠭᠤᠯ ᠤᠷᠠᠨ ᠵᠤᠬᠢᠶᠠᠯ ᠤᠨ ᠦᠪ ᠪᠢᠴᠢᠭ᠌ ᠢ 《ᠵᠠᠭᠤᠨ ᠪᠢᠯᠢᠭ᠌》᠋ ᠲᠦ ᠤᠷᠤᠭᠤᠯᠬᠤ ᠳᠠᠭᠠᠨ ᠶᠠᠳᠠᠵᠤ ᠦᠰᠦᠭ ᠪᠢᠴᠢᠭ᠌ ᠦᠨ ᠬᠢᠨᠢ ᠬᠡᠪ ᠳᠦᠷᠰᠦ ᠶᠢ ᠬᠦᠷᠲᠡᠯ᠎ᠡ ᠤᠤᠯ ᠶᠤᠰᠤ ᠪᠠᠷ ᠨᠢ ᠢᠯᠡᠳᠭᠡᠬᠦ ᠶᠢ ᠵᠤᠷᠢᠵᠤ ᠬᠡᠴᠢᠶᠡᠬᠦ ᠵᠠᠷᠴᠢᠮ ᠢ ᠪᠠᠷᠢᠮᠲᠠᠯᠠᠭᠰᠠᠨ ᠨᠢ ᠮᠦᠨ ᠭᠦ ᠰᠤᠷᠪᠤᠯᠵᠢ ᠪᠢᠴᠢᠭ᠌ ᠦᠨ ᠰᠤᠳᠤᠯᠤᠯ ᠰᠢᠨᠵᠢᠯᠡᠭᠡᠨ ᠦᠷᠨᠢᠭᠦᠯᠬᠦ ᠳᠦ ᠶᠡᠬᠡᠬᠡᠨ ᠨᠡᠮᠡᠷᠢ ᠲᠤᠰᠠ ᠲᠠᠢ᠃ |
原文 |
查看原文
|
出自 |
中国蒙古学
2010年
第6期
|