论文信息


题名 ᠪᠢᠢ ᠪᠢᠢᠯᠡᠭᠡ ᠶᠢᠨ ᠭᠠᠷᠪᠠᠯᠢ ᠶᠢᠨ ᠠᠰᠠᠭᠤᠳᠠᠯ ᠳᠤ
作者 ﹝ᠮᠤᠩᠭ᠋ᠤᠯ﹞ᠲ • ᠴᠡᠴᠡᠭᠵᠢᠷᠭᠠᠯ
关键词 ᠪᠢᠢ ᠪᠢᠢᠯᠡᠭᠡ; ᠭᠠᠷᠪᠠᠯᠢ ᠤᠭᠰᠢᠯ; ᠲᠤᠮ ᠰᠢᠪᠰᠢᠯᠭᠡ; ᠲᠠᠭᠤᠤ ᠪᠦᠵᠢᠭ᠌
摘要 ᠪᠢᠢ ᠪᠢᠢᠯᠡᠭᠡ ᠶᠢᠨ ᠭᠠᠷᠪᠠᠯᠢ ᠨᠢ ᠤᠭ ᠲᠤ ᠪᠠᠨ ᠲᠠᠢ᠌ᠯᠠᠭ᠎ᠠ ᠲᠠᠬᠢᠯᠭ᠎ᠠ ᠶᠢᠨ ᠦᠢᠯᠡ ᠡᠴᠡ ᠡᠬᠢ ᠲᠠᠢ ᠲᠤᠯᠠ ᠤᠷᠴᠢᠨ ᠴᠠᠭ ᠤᠨ ᠪᠦᠵᠢᠭ᠌ ᠤᠨ ᠬᠡᠯᠡᠨ ᠤ ᠲᠤᠭᠳᠠᠯᠴᠠᠭ᠎ᠠ ᠪᠡᠷ ᠪᠤᠶᠤ ᠤᠳᠬᠠᠳᠤ ᠬᠦᠳᠡᠯᠭᠡᠭᠡᠨ ᠬᠤᠪᠢᠯᠪᠤᠷᠢᠰᠢᠬᠤ ᠭᠠᠯᠪᠢᠷ ᠵᠤᠬᠢᠷᠠᠯ ᠶᠢᠡᠷ ᠰᠢᠭᠤᠳ ᠲᠠᠢ᠌ᠯᠪᠤᠷᠢᠯᠠᠬᠤ ᠪᠤᠯᠤᠮᠵᠢ ᠦᠭᠡᠢ ᠶᠤᠮ᠃ ᠡᠨᠡ ᠠᠰᠠᠭᠤᠳᠠᠯ ᠨᠢ ᠤᠪᠤᠭ ᠤᠨ ᠪᠠᠢ᠌ᠭᠤᠯᠤᠯ ᠤᠨ ᠲᠡᠷᠳᠡᠭᠡᠬᠢ ᠲᠠᠢ᠌ᠯᠭ᠎ᠠ ᠲᠠᠬᠢᠯᠭ᠎ᠠ᠂ ᠡᠷᠭᠦᠯ ᠤᠨ ᠶᠤᠰᠤᠨ ᠤ ᠵᠠᠩᠭ᠋᠎ᠠ ᠲᠤᠬᠢᠯᠪᠤᠷᠢ ᠪᠠᠨ ᠪᠡᠶ᠎ᠡ ᠪᠡᠷ ᠦᠢᠯᠡᠳᠬᠦ ᠠᠢ ᠪᠠᠢ᠌ᠳᠠᠯ ᠤᠨ ᠠᠢ᠌ᠮᠠᠭᠯᠠᠯ ᠦᠭᠡᠢ᠂ ᠠᠩᠬᠠᠳᠠᠭᠴᠢ ᠲᠠᠢ᠌ᠯᠪᠤᠷᠢᠯᠠᠯ ᠤᠨ ᠬᠦᠷᠢᠶᠡᠨ ᠳᠤ ᠶᠠᠷᠢᠭᠳᠠᠬᠤ ᠵᠦᠢᠯ ᠭᠡᠵᠦ ᠪᠠᠭᠴᠠᠭᠠᠯᠠᠵᠤ ᠪᠠᠢ᠌ᠨ᠎ᠠ᠃ ᠢᠯᠠᠩᠭ᠋ᠤᠶ᠎ᠠ ᠬᠦᠮᠦᠨ ᠤ ᠤᠷᠤᠰᠢᠬᠤᠢ ᠳᠤ ᠶᠡᠬᠡᠬᠡᠨ ᠬᠠᠮᠢᠶᠠᠷᠤᠯ ᠲᠠᠢ ᠵᠦᠩ ᠰᠤᠪᠢᠩ᠂ ᠠᠶᠤᠳᠠᠰᠤ ᠵᠡᠷᠭᠡ ᠤᠬᠠᠮᠰᠠᠷ ᠦᠭᠡᠢ ᠶᠢᠨ ᠲᠤᠳᠤᠭᠠᠳᠤ ᠲᠦᠯᠬᠢᠴᠡ᠂ ᠠᠪᠤᠷᠠᠯ ᠬᠠᠮᠠᠭᠠᠯᠠᠯ ᠢ ᠬᠦᠰᠡᠮᠵᠢᠯᠡᠬᠦ ᠲᠤᠮ ᠰᠢᠪᠰᠢᠯᠭᠡ ᠪᠦᠬᠦᠢ ᠰᠢᠳᠢ ᠶᠢᠨ ᠦᠢᠯᠡ ᠰᠢᠯᠳᠠᠭᠠᠨ ᠳᠤ ᠰᠠᠭᠤᠷᠢᠯᠠᠨ ᠤᠢ᠌ᠯᠠᠭᠠᠪᠠᠯ ᠵᠤᠬᠢᠯᠳᠠᠢ᠃ ᠤᠴᠢᠷ ᠨᠢ ᠲᠤᠬᠠᠢ ᠶᠢᠨ ᠦᠶ᠎ᠡ ᠶᠢᠨ ᠬᠦᠮᠦᠨ ᠤ ᠠᠯᠢᠪᠠ ᠦᠢᠯᠡᠳᠦᠯ ᠨᠢ 《ᠬᠠᠮᠳᠤ ᠶᠢᠨ ᠤᠬᠠᠮᠰᠠᠷ》 ᠤᠨ ᠬᠠᠷᠢᠯᠴᠠᠭ᠎ᠠ ᠪᠡᠷ ᠰᠢᠢᠳᠦᠭᠳᠡᠬᠦ ᠬᠤᠷᠢᠭ᠎ᠠ ᠴᠡᠭᠡᠷ ᠲᠤ ᠰᠠᠭᠤᠷᠢᠯᠠᠵᠤ ᠪᠠᠢ᠌ᠭᠰᠠᠨ ᠢ ᠤᠯᠠᠨ ᠰᠤᠳᠤᠯᠤᠭᠠᠴᠢᠳ ᠲᠡᠮᠳᠡᠭᠯᠡᠳᠡᠭ᠃ ᠬᠤᠷᠢᠭ᠎ᠠ ᠴᠡᠭᠡᠷ ᠲᠤ ᠨᠢᠭᠤᠭᠳᠠᠮᠠᠯ ᠰᠢᠨᠵᠢᠳᠠᠢ ᠤᠷᠤᠰᠢᠳᠠᠭ ᠪᠢᠨᠠᠷ ᠤᠳᠬᠠᠯᠠᠪᠤᠷᠢ ᠳᠤ ᠲᠠᠯᠳᠠ ᠬᠦᠴᠦ ᠶᠢ (ᠡᠵᠡᠨ ᠰᠠᠪᠳᠠᠭ᠂ ᠰᠡᠳᠡᠷᠳᠦ ᠠᠮᠢᠳᠠᠨ)ᠤᠷᠢᠳᠤ ᠤᠷᠢᠳᠤ ᠡᠴᠡ ᠬᠡᠳᠦᠢ᠌ᠳᠤᠨ ᠤᠨᠤᠭᠠᠬᠤ ᠠᠷᠭ᠎ᠠ (ᠮᠢᠰᠲ᠋ᠢᠹᠢᠭᠡᠴᠢ)ᠢᠯᠡᠭᠦᠦ ᠲᠠᠢ ᠠᠬᠤᠭᠤᠯᠤᠭᠳᠠᠳᠠᠭ ᠪᠦᠭᠡᠳ ᠴᠤᠬᠤᠮ ᠳᠤ ᠪᠠᠨ ᠲᠡᠷᠡ ᠬᠦᠷᠢᠶᠡᠨ ᠳᠤ ᠪᠢᠳᠡᠨ ᠤ ᠨᠢᠭ᠌ᠳᠠᠯᠠᠵᠤ ᠪᠤᠢ ᠪᠢᠢ ᠪᠢᠢᠯᠡᠭᠡ ᠶᠢᠨ ᠠᠮᠤᠷᠹ ᠭᠠᠷᠪᠠᠯᠢ ᠶᠢᠨ ᠲᠤᠬᠠᠢ ᠠᠰᠠᠭᠤᠳᠠᠯ ᠶᠠᠷᠢᠭᠳᠠᠬᠤ ᠳᠤ ᠬᠦᠷᠦᠭᠰᠡᠨ ᠪᠢᠯᠡ᠃
原文 查看原文
出自 内蒙古社会科学(蒙文版) 2015年 第5期

联系我们


内蒙古大学图书馆
呼和浩特市大学西路235号
中国·内蒙古
P: (0471) 4992561
E: huangfeilong@imu.edu.cn