摘要 |
ᠪᠢᠳᠡ ᠨᠢᠭᠡᠨᠳᠡ ᠨᠠᠢᠳᠡᠯᠡᠭᠳᠡᠭᠰᠡᠨ ᠰᠤᠳᠤᠯᠭᠠᠨ ᠤ ᠪᠦᠳᠤᠭᠡᠯ ᠡᠴᠡ ᠠᠵᠢᠭᠭᠯᠠᠪᠠᠯ᠂ ᠡᠷᠳᠡᠮᠳᠡᠳ ᠡᠴᠨ ᠬᠡᠳᠤᠢᠪᠡᠷ ᠮᠤᠩᠭᠤᠯ ᠬᠡᠯᠡᠨ ᠤ ᠬᠡᠮᠵᠢᠬᠦᠷ ᠦᠭᠡ ᠵᠢ ᠠᠩᠬᠠᠷᠴᠦ ᠤᠯᠠᠨ ᠲᠠᠯ᠎ᠠ ᠡᠴᠨ ᠰᠤᠳᠤᠯᠤᠭᠰᠠᠨ ᠪᠤᠯᠪᠠᠴᠦ ᠡᠨᠡ ᠲᠤᠬᠠᠢ ᠰᠤᠳᠤᠯᠭᠠᠨ ᠨᠠᠯᠢᠶᠠᠳ ᠤᠷᠤᠢ ᠪᠤᠯᠤᠭᠰᠠᠨ ᠡᠴᠡ ᠲᠠᠳᠤᠢ ᠬᠦᠨᠵᠡᠬᠡᠡ᠋ᠢᠷᠡᠵᠦ ᠴᠢᠳᠠᠭ᠎ᠠ ᠦᠭᠡᠢ ᠪᠠᠢᠨ᠎ᠠ᠃ ᠤᠷᠴᠢᠮ ᠤᠨ ᠮᠤᠩᠭᠤᠯ ᠬᠡᠯᠡᠨ ᠤ ᠬᠡᠮᠵᠢᠬᠦᠷ ᠦᠭᠡ ᠶᠢᠨ ᠰᠤᠳᠤᠯᠭᠠᠨ ᠡᠴᠡ ᠦᠵᠡᠪᠡᠯ᠂ ᠬᠡᠮᠵᠢᠭᠦᠷ ᠦᠭᠡ ᠶᠢᠨ ᠲᠤᠳᠤᠷᠬᠠᠢᠯᠠᠯᠳᠠ ᠶᠢᠨ ᠲᠤᠬᠠᠢ ᠦᠨᠳᠤᠰᠤᠨ ᠳ᠋ᠡᠭᠡᠨ ᠠᠳᠠᠯᠢ ᠪᠤᠯᠪᠠᠴᠦ《 ᠬᠡᠮᠵᠢᠬᠦᠷ ᠦᠭᠡ》 ᠶᠢᠨ ᠨᠡᠷ᠎ᠡ ᠲᠤᠮᠢᠶ᠎ᠠ᠂ ᠬᠡᠮᠵᠢᠬᠦᠷ ᠦᠭᠡᠰ ᠤᠨ ᠠᠢᠮᠠᠭ ᠤᠨ ᠬᠠᠷᠢᠶᠠᠯᠠᠯ᠂ ᠬᠡᠮᠵᠢᠬᠦᠷ ᠦᠭᠡᠰ ᠢ ᠲᠦᠷᠦᠯ ᠵᠤᠢᠯ ᠳᠤ ᠬᠤᠪᠢᠶᠠᠭᠰᠠᠨ ᠵᠠᠷᠭᠡ ᠲᠠᠯ᠎ᠠ ᠪᠠᠷ ᠰᠠᠨᠠᠯ ᠨᠢᠭᠡᠳᠤᠯ ᠦᠬᠡᠢ᠃ ᠪᠢᠳᠡ ᠦᠬᠦᠯᠡᠯ ᠳ᠋ᠡᠭᠡᠨ ᠨᠡᠷ᠎ᠡ ᠲᠤᠮᠢᠶ᠎ᠠ ᠬᠡᠳᠡᠭ ᠢ 《 ᠬᠡᠮᠵᠢᠬᠦᠷ ᠦᠭᠡ》 ᠬᠡᠵᠦ᠂ ᠲᠤᠭᠠᠨ ᠤ ᠦᠭᠡ ᠪᠡ ᠬᠡᠮᠵᠢᠬᠦᠷ ᠦᠭᠡ ᠵᠢ 《 ᠲᠤᠭᠠᠨ ᠤ ᠬᠡᠮᠵᠢᠬᠦᠷ ᠦᠭᠡ》 ᠬᠡᠵᠦ ᠨᠢᠭᠡᠳᠭᠡᠨ᠂ ᠲᠠᠬᠢᠨ ᠬᠡᠮᠵᠢᠬᠦᠷ ᠦᠭᠡ ᠪᠡᠨ ᠲᠦᠷᠦᠯ ᠵᠤᠢᠯ ᠬᠤᠪᠢᠶᠠᠵᠦ ᠠᠩᠬᠢᠯᠠᠭᠰᠠᠨ ᠪᠠᠢᠨ᠎ᠠ᠃ |