题名 |
ᠴᠤᠭᠤᠷ ᠪᠤᠯᠤᠨ ᠮᠤᠷᠢᠨ ᠬᠤᠭᠤᠷ ᠤᠨ ᠡᠭᠦᠰᠦᠯ ᠬᠦᠭ᠍ᠵᠢᠯ ᠵᠢᠴᠢ ᠦᠪᠡᠷᠮᠢᠴᠡ ᠣᠨᠴᠠᠯᠢᠭ ᠤᠨ ᠲᠤᠬᠠᠢ ᠬᠠᠷᠢᠴᠠᠭᠤᠯᠤᠭᠰᠠᠨ ᠰᠤᠳᠤᠯᠤᠯ |
作者 |
ᠡᠷᠳᠡᠨᠢᠪᠦ᠋ᠬᠡ |
关键词 |
ᠴᠤᠭᠤᠷ; ᠮᠤᠷᠢᠨ ᠬᠤᠭᠤᠷ; ᠡᠭᠦᠰᠦᠯ ᠬᠦᠭ᠍ᠵᠢᠯ; ᠣᠨᠴᠠᠯᠢᠭ |
摘要 |
ᠴᠤᠭᠤᠷ ᠪᠤᠯᠤᠨ ᠮᠤᠷᠢᠨ ᠬᠤᠭᠤᠷ ᠪᠤᠯ ᠡᠭᠦᠰᠦᠯ ᠭᠠᠷᠤᠯ ᠨᠢᠭᠡ ᠲᠡᠢ ᠮᠣᠩ᠋ᠭᠤᠯ ᠦᠨᠳᠦᠰᠦᠲᠡᠨ ᠦ ᠢᠵᠠᠭᠤᠷ ᠬᠦᠭ᠍ᠵᠢᠮᠳᠡᠭᠦᠷ ᠦᠨ ᠪᠠᠭᠠᠵᠢ ᠶᠤᠮ᠃ ᠳᠠᠷᠤᠢ ᠮᠣᠩ᠋ᠭᠤᠯ ᠤᠨ ᠣᠪᠤᠭ ᠲᠦᠷᠦᠯ ᠦᠨ ᠨᠡᠢ᠌ᠭᠡᠮ ᠦᠨ ᠦᠶ᠎ᠡ ᠪᠤᠶᠤ ᠲᠡᠭᠦᠨ ᠡᠴᠡ ᠡᠷᠲᠡ ᠪᠤᠢ ᠪᠤᠯᠵᠤ ᠹᠧᠤᠳᠠᠯ ᠤᠨ ᠨᠡᠢ᠌ᠭᠡᠮ ᠦᠨ ᠦᠶ᠎ᠡ ᠳᠦ ᠬᠦᠷᠦᠭᠡᠳ ᠴᠤᠭᠤᠷ᠂ ᠮᠤᠷᠢᠨ ᠬᠭᠤᠷ ᠬᠡᠮᠡᠬᠦ ᠠᠳᠠᠯᠢ ᠪᠤᠰᠤ ᠳᠠᠷᠤᠯᠭ᠎ᠠ ᠶᠢᠨ ᠵᠢᠷᠦᠮ ᠲᠡᠢ ᠲᠤᠰ ᠲᠤᠰ ᠤᠨ ᠪᠡᠶ᠎ᠡ ᠪᠡᠨ ᠳᠠᠭᠠᠭᠠᠨ ᠬᠦᠭ᠍ᠵᠢᠭᠰᠡᠨ ᠬᠦᠭ᠍ᠵᠢᠮᠳᠡᠭᠦᠷ ᠪᠤᠯᠵᠤ ᠪᠢᠯᠡ᠃ ᠡᠢ᠌ᠮᠦ ᠡᠴᠡ ᠴᠤᠭᠤᠷ ᠪᠤᠯᠤᠨ ᠮᠤᠷᠢᠨ ᠬᠤᠭᠤᠷ ᠪᠤᠯ ᠡᠭᠦᠰᠦᠯ ᠭᠠᠷᠤᠯ᠂ ᠬᠢᠴᠡ ᠬᠦᠭ᠍ᠯᠡᠯᠲᠡ ᠵᠡᠷᠭᠡ ᠣᠯᠠᠨ ᠲᠠᠯ᠎ᠠ ᠪᠠᠷ ᠬᠠᠮᠲᠤ ᠶᠢᠨ ᠣᠨᠴᠠᠯᠢᠭ ᠲᠠᠢ ᠪᠤᠯᠪᠠᠴᠤ ᠬᠦᠭ᠌ ᠲᠤᠭᠲᠠᠪᠤᠷᠢᠵᠢᠭᠤᠯᠭᠠ᠂ ᠬᠡᠪ ᠨᠠᠮᠪᠠ᠂ ᠬᠦᠭ᠍ᠵᠢᠮᠳᠡᠯ ᠦᠨ ᠠᠷᠭ᠎ᠠ᠂ ᠢᠯᠡᠳᠭᠡᠬᠦ ᠴᠢᠳᠠᠪᠤᠷᠢ ᠵᠡᠷᠭᠡ ᠲᠠᠯ᠎ᠠ ᠪᠠᠷ ᠬᠠᠷᠢᠯᠴᠠᠨ ᠢᠯᠭᠠᠭᠳᠠᠬᠤ ᠦᠪᠡᠷᠮᠢᠴᠡ ᠣᠨᠴᠠᠯᠢᠭ ᠲᠠᠢ ᠪᠠᠢ᠌ᠳᠠᠭ᠃ |
原文 |
查看原文
|
出自 |
中国蒙古学
2014年
第2期
|