论文信息


题名 ᠮᠣᠩᠭᠤᠯ ᠬᠡᠯᠡᠨ ᠦ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠬᠢᠭᠡᠳ ᠲᠡᠭᠦᠨ ᠦ ᠲᠠᠨᠢᠨ ᠮᠡᠳᠡᠭᠦᠢ ᠶᠢᠨ ᠦᠨᠳᠦᠰᠦᠯᠡᠯ
作者 ᠯ‍ · ᠲᠤᠭᠲᠠᠮᠪᠠᠶᠠᠷ
关键词 ᠡᠷᠭᠢᠭᠦᠯᠦᠨ ᠵᠢᠭᠠᠬᠤ; ᠢᠯᠡᠳᠭᠡᠭᠴᠢ ᠬᠡᠯᠪᠡᠷᠢ; ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠦ ᠳᠦᠷᠢᠮ
摘要 1990 ᠣᠨ ᠳᠤ ᠲᠠᠨᠢᠨ ᠮᠡᠳᠡᠭᠦᠢ ᠶᠢᠨ ᠬᠡᠯᠡ ᠰᠢᠨᠵᠢᠯᠡᠯ ᠦᠨ ᠡᠷᠳᠡᠮᠲᠡᠨ ᠠᠢᠷᠸᠤ᠋ ᠲᠠᠨᠢᠨ ᠮᠡᠳᠡᠭᠦᠢ ᠰᠡᠳᠬᠢᠴᠡ ᠶᠢᠨ ᠤᠬᠠᠭᠠᠨ ᠤ ᠬᠦᠷᠦᠯᠴᠡᠬᠦᠢᠴᠡ ᠰᠢᠨᠵᠢ ᠶᠢᠨ ᠣᠨᠣᠯ ᠢ ᠠᠰᠢᠭᠯᠠᠵᠤ᠂ ᠬᠡᠯᠡᠨ ᠦ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠢ ᠰᠢᠨᠵᠢᠯᠡᠵᠦ᠂ ᠠᠳᠠᠯᠢ ᠪᠤᠰᠤ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠨᠢ ᠬᠦᠮᠦᠨ ᠦ ᠶᠡᠬᠡ ᠲᠠᠷᠢᠬᠢᠨ ᠦ ᠴᠡᠭᠡᠵᠢᠯᠡᠭᠦᠢ ᠶᠢᠨ ᠰᠢᠰᠲ᠋ᠧᠮ ᠳᠡᠬᠢ ᠬᠦᠷᠦᠯᠴᠡᠬᠦᠢᠴᠡ ᠬᠡᠮᠵᠢᠶ᠎ᠡ ᠪᠡᠷ ᠲᠤᠭᠲᠠᠭᠠᠭᠳᠠᠵᠤ ᠪᠠᠢᠬᠤ ᠶᠢ ᠢᠯᠡᠷᠡᠭᠦᠯᠵᠡᠢ᠃ ᠲᠡᠭᠦᠨ ᠦ ᠰᠤᠳᠤᠯᠭᠠᠨᠤ ᠣᠨᠣᠯ ᠬᠢᠭᠡᠳ ᠠᠷᠭ᠎ᠠ ᠨᠢ ᠮᠣᠩᠭᠤᠯ ᠬᠡᠯᠡᠨ ᠦ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠦ ᠬᠡᠷᠡᠭᠯᠡᠭᠳᠡᠬᠦ ᠨᠦᠬᠦᠴᠡᠯ ᠬᠢᠭᠡᠳ ᠲᠡᠭᠦᠨ ᠦ ᠦᠨᠳᠦᠰᠦᠯᠡᠯ ᠢ ᠰᠦᠪᠡᠭᠴᠢᠯᠡᠨ ᠭᠠᠷᠭᠠᠬᠤ ᠳᠤ ᠣᠨᠣᠯ ᠪᠠ ᠠᠷᠭ᠎ᠠ ᠶᠢᠨ ᠲᠠᠯ᠎ᠠ ᠪᠠᠷ ᠲᠤᠩ ᠶᠡᠬᠡ ᠰᠡᠩᠬᠡᠷᠡᠭᠦᠯᠦᠯ ᠪᠤᠯᠤᠨ᠎ᠠ᠃ ᠲᠤᠰ ᠦᠭᠦᠯᠡᠯ ᠳᠦ ᠤᠷᠢᠳᠠᠪᠠᠷ ᠡᠷᠭᠢᠭᠦᠯᠦᠨ ᠵᠢᠭᠠᠬᠤ ᠶᠢᠨ ᠤᠬᠠᠭᠳᠠᠬᠤᠨ᠂ ᠮᠣᠩᠭᠤᠯ ᠬᠡᠯᠡᠨ ᠦ ᠢᠯᠡᠳᠭᠡᠭᠴᠢ ᠬᠡᠯᠪᠡᠷᠢ ᠶᠢ ᠲᠤᠳᠤᠷᠬᠠᠢᠯᠠᠵᠤ᠂ ᠳᠠᠷᠠᠭ᠎ᠠ ᠨᠢ ᠬᠦᠷᠦᠯᠴᠡᠬᠦᠢᠴᠡ ᠰᠢᠨᠵᠢ ᠶᠢᠨ ᠣᠨᠣᠯ ᠢᠶᠠᠷ ᠡᠷᠭᠢᠭᠦᠯᠦᠨ ᠵᠢᠭᠠᠬᠤ ᠬᠡᠯᠪᠡᠷᠢ ᠶᠢᠨ ᠬᠡᠷᠡᠭᠯᠡᠭᠡᠨ ᠬᠢᠭᠡᠳ ᠲᠡᠭᠦᠨ ᠦ ᠬᠡᠷᠡᠭᠯᠡᠭᠳᠡᠬᠦ ᠨᠦᠬᠦᠴᠡᠯ᠂ ᠦᠨᠳᠦᠰᠦᠯᠡᠯ ᠢ ᠰᠦᠪᠡᠭᠴᠢᠯᠡᠨ ᠭᠠᠷᠭᠠᠬᠤ ᠶᠢ ᠵᠤᠷᠢᠪᠠ᠃
原文 查看原文
出自 中国蒙古学 2015年 第1期

联系我们


内蒙古大学图书馆
呼和浩特市大学西路235号
中国·内蒙古
P: (0471) 4992561
E: huangfeilong@imu.edu.cn