论文信息


题名 《ᠳᠤᠮᠳᠠᠳᠤ ᠤᠯᠤᠰ ᠤᠨ ᠡᠷᠳᠡᠨ ᠦ ᠮᠣᠩᠭᠣᠯ ᠪᠢᠴᠢᠭ᠌ ᠤᠨ ᠶᠡᠷᠦᠩᠭᠡᠢ ᠭᠠᠷᠴᠠᠭ》᠂《ᠮᠣᠩᠭᠣᠯ ᠭᠠᠨᠵᠤᠤᠷ ᠳ᠋ᠠᠨᠵᠤᠤᠷ ᠤᠨ ᠭᠠᠷᠴᠠᠭ》 ᠤᠨ ᠵᠤᠬᠢᠶᠠᠯ ᠤᠨ ᠨᠡᠷ ᠡ ᠶᠢ ᠯᠠᠲ᠋ᠢᠨᠴᠢᠯᠠᠭᠰᠠᠨ ᠲᠤᠬᠠᠢ
作者 ᠳᠡᠯᠭᠡᠷ
关键词 《ᠳᠤᠮᠳᠠᠳᠤ ᠤᠯᠤᠰ ᠤᠨ ᠡᠷᠳᠡᠨ ᠦ ᠮᠣᠩᠭᠣᠯ ᠪᠢᠴᠢᠭ᠌ ᠤᠨ ᠶᠡᠷᠦᠩᠭᠡᠢ ᠭᠠᠷᠴᠠᠭ》;《ᠮᠣᠩᠭᠣᠯ ᠭᠠᠨᠵᠤᠤᠷ ᠳ᠋ᠠᠨᠵᠤᠤᠷ ᠤᠨ ᠭᠠᠷᠴᠠᠭ》; ᠵᠤᠬᠢᠶᠠᠯ ᠤᠨ ᠨᠡᠷ ᠡ; ᠯᠠᠲ᠋ᠢᠨᠴᠢᠯᠠᠭᠰᠠᠨ
摘要 《ᠳᠤᠮᠳᠠᠳᠤ ᠤᠯᠤᠰ ᠤᠨ ᠡᠷᠳᠡᠨ ᠦ ᠮᠣᠩᠭᠣᠯ ᠪᠢᠴᠢᠭ᠌ ᠤᠨ ᠶᠡᠷᠦᠩᠭᠡᠢ ᠭᠠᠷᠴᠠᠭ》ᠪᠤᠯ ᠦᠨᠳᠦᠰᠦᠳᠡᠨ ᠦ ᠰᠢᠨᠵᠢ᠂ᠰᠤᠷᠪᠤᠯᠵᠢ ᠪᠢᠴᠢᠭ᠌ ᠤᠨ ᠰᠢᠨᠵᠢ ᠪᠤᠯᠤᠨ ᠡᠷᠳᠡᠨ ᠰᠢᠨᠵᠢᠯᠡᠭᠡᠨ ᠦ ᠰᠢᠨᠵᠢ ᠪᠡᠷ ᠨᠡᠯᠢᠶᠡᠳ ᠴᠢᠩᠭ᠋ ᠠ ᠶᠡᠷᠦᠩᠬᠡᠢ᠌ᠯᠡᠭᠰᠡᠨ ᠴᠢᠨᠠᠷᠲᠠᠢ ᠲᠤᠮᠤ ᠬᠡᠯᠪᠡᠷᠢ ᠶᠢᠨ ᠭᠠᠷᠴᠠᠭ ᠤᠨ ᠪᠠᠭᠠᠵᠢ ᠬᠡᠷᠡᠭᠯᠡᠭᠦᠷ ᠪᠤᠶᠤ ᠲᠤᠯᠢ ᠪᠢᠴᠢᠭ᠌ ᠪᠤᠯᠤᠨ᠎ᠠ᠃ᠳᠤᠰ ᠭᠠᠷᠴᠠᠭ ᠢ ᠨᠠᠢ᠌ᠷᠠᠭᠤᠯᠬᠤ ᠠᠵᠢᠯ ᠨᠢ ᠨᠠᠶᠠᠭᠠᠳ ᠤᠨ ᠡᠴᠡ ᠡᠬᠢᠯᠡᠵᠦ᠂ ᠤᠯᠠᠨ ᠰᠠᠭᠠᠳ ᠪᠡᠷᠭᠡ ᠶᠢ ᠳᠤᠭᠤᠯᠵᠤ᠂ ᠦᠨᠦᠳᠦᠷ ᠪᠤᠯᠬᠤ ᠳᠤ ᠪᠦᠬᠦ ᠳᠤᠮᠳᠠᠳᠤ ᠤᠯᠤᠰ ᠤᠨ 180ᠪᠠᠢ᠌ᠭᠤᠯᠭ᠎ᠠ ᠨᠢᠭᠡᠴᠢ ᠪᠤᠯᠤᠨ 80ᠨᠡᠷᠡᠰ ᠬᠤᠪᠢ ᠬᠦᠮᠦᠨ ᠦ ᠬᠠᠳᠠᠭᠠᠯᠠᠵᠤ ᠪᠠᠢ᠌ᠭᠰᠠᠨ 1949ᠤᠨ ᠡᠴᠡ ᠡᠮᠤᠨ᠎ᠡ ᠳᠤᠮᠳᠠᠳᠤ ᠤᠯᠤᠰ ᠲᠤ ᠪᠢᠴᠢᠭᠳᠡᠭᠰᠡᠨ ᠪᠤᠶᠤ ᠬᠡᠪᠯᠡᠭᠳᠡᠭᠰᠡᠨ ᠮᠣᠩᠭᠣᠯ ᠨᠤᠮ ᠰᠤᠳᠤᠷ᠂ ᠳᠠᠩᠰᠠ ᠡᠪᠭᠡᠮᠡᠯ᠂ ᠬᠡᠷᠭᠡ ᠪᠢᠴᠢᠭᠡᠰᠦ᠂ ᠬᠦᠰᠢᠶ ᠡ ᠶᠡᠭᠡᠯᠡᠮᠡᠯ ᠪᠠ ᠰᠤᠨᠢᠨ ᠰᠡᠳᠭᠦᠯ ᠨᠡᠢ᠌ᠳᠡ13115 ᠵᠤᠷᠪᠤᠰ ᠢ ᠤᠷᠤᠭᠤᠯᠵᠤ᠂ ᠳᠤᠮᠳᠠᠳᠤ ᠤᠯᠤᠰ ᠤᠨ ᠡᠷᠳᠡᠨ ᠦ ᠨᠤᠮ ᠪᠢᠴᠢᠭ᠌ ᠤᠨ ᠪᠤᠳᠠᠳᠤ ᠪᠠᠢ᠌ᠳᠠᠯ ᠪᠠ ᠬᠤᠷᠢᠶᠠᠨ ᠬᠠᠳᠠᠭᠠᠯᠠᠵᠤ ᠪᠠᠢ᠌ᠭ᠎ᠠ ᠪᠠᠢ᠌ᠳᠠᠯ ᠢ ᠪᠦᠬᠦ ᠲᠠᠯ ᠠ ᠪᠡᠷ ᠲᠤᠰᠬᠠᠵᠤ ᠴᠢᠳᠠᠭᠰᠠᠨ ᠲᠤᠮᠤ ᠪᠦᠳᠦᠭᠡᠯ ᠪᠤᠯᠵᠤ ᠬᠢᠭ᠍ᠳᠡᠭᠰᠡᠨ ᠪᠠᠢ᠌ᠨ᠎ᠠ᠃ ᠳᠤᠰ ᠨᠤᠮ ᠨᠢ ᠮᠦᠨ ᠵᠤᠷᠪᠤᠰᠴᠢᠯᠠᠭᠰᠠᠨ ᠲᠤᠭ᠎ᠠ ᠶᠢᠨ ᠲᠠᠯ ᠠ ᠪᠠᠷ ᠤᠯᠠᠨ᠂ ᠬᠦᠷᠢᠶ ᠡ ᠬᠡᠪᠴᠢᠶ ᠡ ᠪᠡᠷ ᠦᠷᠭᠡᠨ ᠪᠠᠢ᠌ᠴᠠᠭᠠᠨ ᠰᠤᠳᠤᠯᠤᠯᠲᠠ ᠪᠡᠷ ᠪᠤᠳᠠᠲᠠᠢ ᠪᠠᠢ᠌ᠳᠠᠯ ᠶᠢᠨᠷ ᠤᠷᠢᠳ ᠡᠴᠡ ᠢᠯᠡᠭᠦᠦ ᠳᠠᠪᠠᠭᠠᠮᠠᠢ ᠪᠤᠯᠵᠤ ᠴᠢᠳᠠᠵᠠᠢ᠃ ᠮᠦᠨ ᠨᠤᠮ ᠤᠨ ᠨᠡᠷ ᠡ ᠶᠢᠨ ᠬᠡᠯᠬᠢᠶᠡᠰᠦ᠂ ᠨᠤᠮ ᠤᠨ ᠯᠠᠲ᠋ᠢᠨᠴᠢᠯᠠᠭᠰᠠᠨ ᠨᠡᠷ ᠡ ᠶᠢᠨ ᠬᠡᠯᠬᠢᠶᠡᠰᠦ᠂ ᠨᠤᠮ ᠤᠨ ᠬᠢᠲᠠᠳᠴᠢᠯᠠᠭᠰᠠᠨ ᠨᠡᠷ ᠡ ᠶᠢᠨ ᠬᠡᠯᠬᠢᠶᠡᠰᠦ ᠨᠢ ᠤᠩᠰᠢᠭᠴᠢᠳ ᠪᠡ ᠭᠡᠷᠡᠭᠯᠡᠭᠴᠢᠳ ᠤᠨ ᠬᠠᠢ᠌ᠨ ᠠᠰᠢᠭᠯᠠᠬᠤ ᠳᠤ ᠲᠦᠭᠦᠮ ᠲᠦᠳᠡ ᠪᠤᠯᠤᠭᠰᠠᠨ ᠪᠠᠢ᠌ᠨ᠎ᠠ᠃
原文 查看原文
出自 中国蒙古学 2008年 第2期

联系我们


内蒙古大学图书馆
呼和浩特市大学西路235号
中国·内蒙古
P: (0471) 4992561
E: huangfeilong@imu.edu.cn