摘要 |
ᠤᠳᠬ᠎ᠠ ᠵᠤᠬᠢᠶᠠᠯ ᠤᠨ ᠬᠦᠩᠡᠨ ᠮᠤᠷᠢᠲᠤ ᠴᠡᠷᠢᠭ ᠭᠡᠵᠦ ᠠᠯᠲᠠᠷᠰᠢᠭᠰᠠᠨ ᠨᠠᠢ᠌ᠷᠠᠭᠤᠯᠤᠯ ᠤᠨ ᠵᠤᠬᠢᠶᠠᠯ ᠨᠢ ᠦᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠬᠤ ᠴᠤ ᠰᠢᠨ᠎ᠡ ᠡᠷᠢᠨ ᠳᠤ ᠤᠷᠤᠵᠤ ᠢᠷᠡᠭᠡᠳ ᠥᠪᠡᠷ ᠤᠨ ᠦᠩᠭᠡ ᠤᠨᠴᠠᠯᠢᠭ ᠦᠨᠦᠷ ᠠᠮᠳᠠ ᠪᠡᠷ ᠶᠢᠨᠨ ᠦᠷᠭᠡᠨ ᠤᠯᠠᠨ ᠤᠩᠰᠢᠭᠴᠢᠳ ᠬᠠᠷᠠᠭ᠎ᠠ ᠰᠤᠨᠤᠷ ᠢ ᠮᠢᠯᠢᠶᠡᠵᠦ᠂ ᠤᠶᠤᠨ ᠦ ᠳᠡᠵᠢᠭᠡᠯ ᠪᠤᠯᠤᠭᠰᠠᠭᠠᠷ ᠢᠷᠡᠵᠠᠢ᠃ ᠡᠨᠡ ᠬᠦ ᠰᠤᠯᠤᠩᠭ᠋ᠠᠷᠠᠭᠰᠠᠨ ᠨᠠᠢ᠌ᠷᠠᠭᠤᠯᠤᠯ ᠤᠨ ᠬᠦᠷᠢᠶᠡᠯᠡᠩ ᠳᠤ ᠰᠤᠳᠨᠠᠮ ᠤᠨ ᠪᠢᠴᠢᠭᠰᠡᠨ ᠨᠠᠢ᠌ᠷᠠᠭᠤᠯᠤᠯ ᠤᠳ ᠨᠢ ᠦᠪᠡᠷ ᠤᠨ ᠶᠢᠨᠨ ᠬᠡᠭᠦ ᠦᠩᠭᠡ ᠤᠨᠴᠠᠯᠢᠭ ᠲᠠᠢ ᠪᠠᠷ ᠬᠢᠯᠠᠯᠵᠠᠵᠤ᠂ ᠤᠩᠰᠢᠭᠴᠢ ᠤᠯᠠᠨ ᠦ ᠪᠡᠨ ᠰᠤᠨᠢᠷᠬᠠᠯ ᠢ ᠳᠠᠳᠠᠵᠤ ᠪᠠᠢ᠌ᠭ᠎ᠠ᠃ ᠳᠡᠭᠦᠨ ᠦ ᠨᠠᠢ᠌ᠷᠠᠭᠤᠯᠤᠯ ᠨᠢ ᠡᠭᠡᠯ ᠵᠢᠷ ᠤᠨ ᠬᠦᠮᠦᠰ ᠪᠠ ᠵᠢᠵᠢᠭ ᠠᠮᠢᠳᠠᠨ᠂ ᠡᠩ ᠶᠡᠷᠦᠮᠳᠡᠭ ᠭᠡᠷᠡᠭ ᠤᠴᠢᠷ᠂ ᠠᠮᠢᠳᠤᠷᠠᠯ ᠤᠨ ᠲᠤᠬᠠᠢ ᠦᠵᠡᠯᠳᠡ ᠳᠠᠨᠢᠪᠤᠷᠢ ᠪᠡᠷ ᠰᠡᠳᠦᠪᠯᠡᠭᠰᠡᠨ ᠪᠦᠳᠦᠭᠡᠯ ᠤᠳ ᠪᠤᠯᠤᠨ᠎ᠠ᠃ ᠳᠡᠭᠦᠨ ᠦ ᠨᠠᠢ᠌ᠷᠠᠭᠤᠯᠤᠯ ᠤᠳ ᠨᠢ 《ᠨᠠᠷᠠᠨ ᠦ ᠲᠤᠤᠷ ᠠ》ᠭᠡᠳᠡᠭ ᠳᠡᠭᠦᠪᠦᠷᠢ ᠳᠤᠨᠢ ᠬᠶᠤᠷᠢᠶᠠᠭᠳᠠᠨ ᠤᠷᠤᠵᠠᠢ᠃ |