题名 |
ᠣᠳᠤᠨ ᠮᠡᠴᠢᠳ ᠬᠢᠭᠡᠳ ᠨᠠᠷᠠ ᠰᠠᠷ᠎ᠠ ᠶᠢᠨ ᠡᠭᠦᠰᠦᠯ ᠤᠨ ᠲᠣᠮᠤᠭ ᠦᠯᠢᠭᠡᠷ ᠤᠨ ᠬᠠᠷᠢᠴᠠᠭ᠋ ᠠ ᠵᠢ ᠰᠢᠨᠵᠢᠯᠡᠬᠦ ᠨᠢ |
作者 |
ᠯᠢ ᠬᠤᠸᠠ |
关键词 |
ᠣᠳᠤᠨ ᠮᠡᠴᠢᠳ;ᠨᠠᠷᠠ ᠰᠠᠷ᠎ᠠ; ᠡᠭᠦᠰᠦᠯ ᠤᠨ ᠲᠣᠮᠤᠭ ᠦᠯᠢᠭᠡᠷ |
摘要 |
ᠣᠳᠤᠨ ᠮᠠᠴᠢᠳ ᠤᠨ ᠲᠤᠮᠤᠭ ᠦᠯᠢᠭᠡᠷ ᠬᠢᠭᠡᠳ ᠨᠠᠷᠠ ᠰᠠᠷ᠎ᠠ ᠶᠢᠨ ᠲᠤᠮᠤᠭ ᠦᠯᠢᠭᠡᠷ ᠤᠨ ᠬᠣᠭᠤᠷᠤᠨᠳᠤᠬᠢ ᠬᠠᠷᠢᠴᠠᠭ᠋ ᠠ ᠵᠢ ᠰᠢᠨᠵᠢᠯᠡᠬᠦ ᠨᠢ ᠮᠠᠰᠢ ᠴᠢᠬᠤᠯᠠ ᠪᠦᠭᠡᠳ ᠲᠡᠳᠡᠭᠡᠷ ᠤᠨ ᠬᠣᠭᠤᠷᠤᠨᠳᠤ ᠶᠠᠮᠠᠷ ᠬᠠᠷᠢᠴᠠᠭ᠋ ᠠ ᠬᠣᠯᠪᠤᠭ᠋ ᠠ ᠲᠠᠢ ᠪᠠᠢᠢᠭ᠋ ᠠ ᠵᠢ ᠰᠢᠨᠵᠢᠯᠡᠬᠦ ᠨᠢ ᠨᠠᠷᠠ ᠰᠠᠷ᠎ᠠ ᠶᠢᠨ ᠲᠤᠮᠤᠭ ᠦᠯᠢᠭᠡᠷ ᠤᠨ ᠡᠭᠦᠰᠦᠯ ᠪᠦᠷᠢᠯᠳᠦᠯ ᠢ ᠰᠢᠨᠵᠢᠯᠡᠬᠦ ᠳᠤ ᠲᠤᠩ ᠠᠴᠢ ᠬᠤᠯᠪᠤᠭᠳᠠᠯ ᠲᠠᠢ ᠶᠣᠮ᠃ ᠣᠳᠤᠨ ᠮᠠᠴᠢᠳ ᠬᠢᠭᠡᠳ ᠨᠠᠷᠠ ᠰᠠᠷ᠎ᠠ ᠶᠢᠨ ᠡᠭᠦᠰᠦᠯ ᠤᠨ ᠲᠣᠮᠤᠭ ᠦᠯᠢᠭᠡᠷ ᠨᠢ ᠪᠦᠷ ᠬᠦᠮᠦᠨ᠂ ᠠᠮᠢᠲᠠᠨ᠂ ᠪᠣᠳᠠᠰ ᠡᠴᠠ ᠬᠣᠪᠢᠯᠵᠤ ᠪᠦᠲᠦᠯ ᠡ ᠬᠡᠬᠦ ᠠᠳᠠᠯᠢᠬᠠᠨ ᠬᠡᠯᠡᠯᠭᠡ ᠲᠠᠢ ᠪᠣᠯᠪᠠᠴᠤ ᠣᠳᠤᠨ ᠮᠡᠴᠢᠳ ᠬᠢᠭᠡᠳ ᠨᠠᠷᠠ ᠰᠠᠷ᠎ᠠ ᠵᠢ ᠪᠦᠷᠢᠯᠳᠦᠭᠦᠯᠦᠭᠰᠡᠨ ᠬᠦᠮᠦᠨ᠂ ᠠᠮᠢᠲᠠᠨ᠂ ᠪᠣᠳᠠᠰ ᠨᠢ ᠬᠠᠷᠢᠨ ᠬᠠᠷᠢᠯᠴᠢᠨ ᠠᠳᠠᠯᠢ ᠪᠣᠰᠤ ᠪᠠᠢᠢᠳᠠᠭ᠃ |
原文 |
查看原文
|
出自 |
中国蒙古学
2012年
第4期
|