题名 |
ᠮᠤᠩᠭᠤᠯᠴᠤᠳ ᠤᠨ ᠳᠡᠭᠡᠳᠦᠰ ᠦᠨ ᠲᠠᠬᠢᠯᠭ᠎ᠠ ᠶᠢᠨ ᠶᠤᠰᠤᠨ ᠤ ᠤᠯᠠᠷᠢᠯ ᠬᠤᠪᠢᠰᠤᠯ |
作者 |
ᠰᠤᠷᠤᠨ᠎ᠠ |
关键词 |
ᠮᠤᠨᠭᠭᠤᠯᠴᠤᠳ; ᠳᠡᠭᠡᠳᠦᠰ ᠦᠨ ᠲᠠᠬᠢᠯᠭ᠎ᠠ ᠶᠢᠨ ᠰᠤᠶᠤᠯ; ᠤᠯᠠᠷᠢᠯ ᠬᠤᠪᠢᠰᠤᠯ |
摘要 |
ᠡᠷᠲᠡᠨ ᠦ ᠮᠤᠨᠭᠭᠤᠯᠴᠤᠳ ᠭᠤᠤᠯᠳᠠᠭᠤ ᠪᠦᠬᠡ ᠮᠦᠷᠭᠦᠯ ᠦᠨ ᠱᠠᠰᠢᠨ ᠢ ᠰᠢᠲᠦᠳᠡᠭ ᠪᠠᠶᠢᠵᠠᠢ᠃ ᠲᠡᠳᠡ ᠶᠢᠷᠲᠢᠨᠴᠦ ᠶᠢᠨ ᠲᠦᠮᠡᠨ ᠪᠤᠳᠠᠰ ᠪᠦᠷ ᠰᠠᠬᠢᠭᠤᠰᠤ ᠲᠠᠢ᠂ ᠬᠦᠮᠦᠨ ᠨᠠᠰᠤ ᠪᠠᠷᠠᠪᠠᠯ ᠰᠦᠨᠡᠰᠦ ᠨᠢ ᠮᠦᠩᠬᠡᠷᠡᠬᠦ ᠶᠢ ᠢᠲᠡᠭᠡᠳᠡᠭ᠃ ᠲᠡᠷᠡ ᠲᠡᠭᠷᠢ ᠭᠠᠵᠠᠷ᠂ ᠡᠪᠦᠭᠡ ᠳᠡᠭᠡᠳᠦᠰ ᠢᠶᠡᠨ ᠰᠢᠲᠦᠵᠦ᠂ ᠮᠦᠩᠬᠡ ᠲᠡᠭᠷᠢ᠂ ᠡᠪᠦᠭᠡ ᠳᠡᠭᠡᠳᠦᠰ ᠢᠶᠡᠨ ᠲᠠᠬᠢᠳᠠᠭ᠃ ᠮᠤᠨᠭᠭᠤᠯᠴᠤᠳ ᠤᠨ ᠪᠦᠬᠡ ᠮᠦᠷᠭᠦᠯ ᠦᠨ ᠲᠠᠬᠢᠯᠭ᠎ᠠ ᠶᠢᠨ ᠰᠤᠶᠤᠯ ᠤᠨ ᠴᠢᠬᠤᠯᠠ ᠨᠢᠭᠡ ᠠᠭᠤᠯᠭ᠎ᠠ ᠨᠢ ᠲᠡᠭᠷᠢ ᠲᠠᠬᠢᠯᠭ᠎ᠠ ᠪᠤᠯᠤᠨ᠎ᠠ᠃ ᠲᠡᠭᠷᠢ ᠲᠠᠬᠢᠯᠭ᠎ᠠ ᠪᠤᠯ ᠮᠤᠨᠭᠭᠤᠯ ᠤᠷᠤᠨ ᠳᠤ ᠡᠷᠲᠡ ᠤᠵᠠᠭᠤᠷ ᠠᠴᠠ ᠪᠠᠶᠢᠭᠰᠠᠨ ᠶᠤᠰᠤᠯᠠᠯ ᠶᠤᠮ᠃ ᠮᠤᠨᠭᠯᠴᠤᠳ ᠤᠨ ᠳᠡᠭᠡᠳᠦᠰ ᠦᠨ ᠲᠠᠬᠢᠯᠭ᠎ᠠ ᠶᠢᠨ ᠶᠤᠰᠤᠨ ᠤ ᠰᠤᠶᠤᠯ ᠨᠢ ᠦᠨᠳᠦᠰᠦᠲᠡᠨ ᠦ ᠪᠦᠷᠢᠯᠳᠦᠨ ᠲᠤᠭᠲᠠᠨᠢᠬᠤ ᠪᠦᠬᠦᠶᠢᠯᠡ ᠲᠡᠦᠬᠡᠨ ᠬᠦᠭ᠍ᠵᠢᠯ ᠦᠨ ᠶᠠᠪᠤᠴᠠ ᠳᠤ᠂ ᠪᠦᠬᠡ ᠮᠦᠷᠭᠦᠯ ᠦᠨ ᠲᠡᠭᠷᠢ ᠲᠠᠬᠢᠯᠭ᠎ᠠ ᠵᠢᠴᠢ ᠤᠪᠤᠭ ᠲᠦᠷᠦᠯ ᠦᠨ ᠴᠢᠨᠠᠷᠲᠠᠢ 《ᠵᠦᠭᠡᠯᠢ ᠲᠠᠬᠢᠯᠭ᠎ᠠ》᠋ ᠶᠢᠨ ᠬᠡᠯᠪᠡᠷᠢᠲᠡᠢ ᠪᠠᠶᠢᠭᠰᠠᠨ ᠪᠠ ᠮᠤᠨᠭᠭᠤᠯ ᠬᠠᠭᠠᠨᠲᠤ ᠤᠯᠤᠰ ᠤᠨ ᠦᠶ᠎ᠡ ᠳᠦ ᠲᠦᠷᠦ ᠭᠦᠷᠦᠨ ᠦ ᠬᠡᠪᠴᠢᠶᠡᠨ ᠦ ᠲᠡᠭᠷᠢ ᠲᠠᠬᠢᠯᠭ᠎ᠠ ᠪᠤᠯᠵᠤ ᠬᠦᠭ᠍ᠵᠢᠵᠡᠢ᠃ ᠴᠢᠩᠭᠢᠰ ᠬᠠᠭᠠᠨ ᠨᠠᠰᠤ ᠪᠠᠷᠠᠭᠰᠠᠨ ᠤ ᠰᠡᠭᠦᠯᠡᠷ ᠲᠡᠭᠷᠢ ᠲᠠᠬᠢᠯᠭ᠎ᠠ ᠪᠠ ᠴᠢᠩᠭᠢᠰ ᠬᠠᠭᠠᠨ ᠤ ᠲᠠᠬᠢᠯᠭ᠎ᠠ ᠶᠢᠨ ᠶᠤᠰᠤᠯᠠᠯ ᠢ ᠬᠠᠮᠲᠤᠷᠠᠭᠤᠯᠤᠨ ᠲᠠᠬᠢᠬᠤ ᠪᠤᠯᠤᠭᠰᠠᠨ ᠪᠠᠶᠢᠨ᠎ᠠ᠃ ᠲᠤᠰ ᠦᠭᠦᠯᠡᠯ ᠳᠦ ᠮᠤᠨᠭᠭᠤᠯᠴᠤᠳ ᠤᠨ ᠲᠠᠬᠢᠯᠭ᠎ᠠ ᠶᠢᠨ ᠰᠤᠶᠤᠯ ᠤᠨ ᠬᠦᠭ᠍ᠵᠢᠯ ᠢ ᠲᠡᠭᠷᠢ ᠲᠠᠬᠢᠯᠭ᠎ᠠ᠂ ᠵᠦᠭᠡᠯᠢ ᠲᠠᠬᠢᠯᠭ᠎ᠠ ᠵᠢᠴᠢ ᠴᠢᠩᠭᠢᠰ ᠬᠠᠭᠠᠨ ᠤ ᠲᠠᠬᠢᠯᠭ᠎ᠠ ᠭᠡᠵᠦ ᠮᠦᠷᠳᠡᠨ ᠰᠢᠨᠵᠢᠯᠡᠭᠰᠡᠨ ᠪᠠᠶᠢᠨ᠎ᠠ᠃ |
原文 |
查看原文
|
出自 |
中国蒙古学
2010年
第6期
|