摘要 |
《ᠪᠠᠭᠠᠷᠢᠨ ᠭᠡᠰᠡᠷ》 ᠦᠨ ᠵᠠᠷᠢᠮ ᠬᠤᠪᠢᠯᠪᠤᠷᠢ ᠳᠤ ᠭᠢᠯᠪᠡᠩ ᠰᠢᠷ᠎ᠠ ᠳᠠᠢᠰᠤᠨ ᠲᠠᠯ ᠠ ᠶᠢᠨ ᠴᠢᠬᠤᠯᠠ ᠳᠦᠷᠢ ᠪᠡᠷ ᠢᠯᠡᠷᠡᠵᠦ᠂ ᠭᠡᠰᠡᠷ ᠪᠠᠭᠠᠲᠤᠷ ᠲᠤ ᠳᠠᠷᠤᠭᠳᠠᠳᠠᠭ᠃ ᠭᠡᠰᠡᠷ ᠪᠠᠭᠠᠲᠤᠷ ᠠᠴᠠ ᠭᠢᠯᠪᠡᠩ ᠰᠢᠷ᠎ᠠ ᠶᠢ ᠳᠠᠷᠤᠬᠤ ᠦᠭᠦᠯᠡᠮᠵᠢ ᠨᠢ ᠨᠢᠭᠡ ᠲᠠᠯ ᠠ ᠪᠠᠷ ᠲᠤᠤᠯᠢ ᠤᠯᠠᠮᠵᠢᠯᠠᠭᠳᠠᠵᠤ ᠬᠦᠭᠵᠢᠬᠦ ᠶᠠᠪᠤᠴᠠ ᠳᠠᠭᠠᠨ ᠲᠤᠬᠠᠢ ᠶᠢᠨ ᠭᠠᠵᠠᠷ ᠤᠨ ᠬᠦᠮᠦᠰ ᠦᠨ ᠠᠮᠢᠳᠤᠷᠠᠯ ᠰᠤᠶᠤᠯ ᠤᠨ ᠣᠷᠴᠢᠨ ᠠᠬᠤᠢ ᠬᠢᠭᠡᠳ ᠦᠵᠡᠯ ᠰᠡᠳᠬᠢᠯᠭᠡᠨ ᠳᠦᠨᠢ ᠨᠦᠯᠦᠭᠡᠯᠡᠭᠳᠡᠨ ᠬᠤᠪᠢᠷᠠᠬᠤ ᠳᠠᠭᠠᠨ ᠰᠢᠨ᠎ᠡ ᠦᠭᠦᠯᠡᠮᠵᠢ ᠦᠢᠯᠡ ᠨᠡᠮᠡᠭᠳᠡᠨ ᠪᠠᠶᠠᠯᠢᠭᠵᠢᠬᠤ ᠦᠵᠡᠭᠳᠡᠯ ᠢᠯᠡᠷᠡᠳᠡᠭ ᠢ ᠳᠤᠰᠬᠠᠬᠤ ᠪᠤᠢ᠃ ᠨᠦᠬᠦᠭᠡ ᠲᠠᠯ᠎ᠠ ᠪᠠᠷ ᠭᠢᠯᠪᠠᠩ ᠰᠢᠷ᠎ᠠ ᠶᠢᠨ ᠲᠤᠬᠠᠢ ᠦᠭᠦᠯᠡᠮᠵᠢ ᠨᠢ ᠪᠦᠬᠡ ᠶᠢᠨ ᠣᠩᠭᠤᠳ ᠤᠨ ᠲᠦᠷᠬᠦ ᠰᠢᠨᠵᠢ ᠲᠡᠢ ᠨᠢᠭᠡᠳᠬᠦ ᠲᠠᠯ᠎ᠠ ᠪᠠᠢᠬᠤ ᠲᠡᠳᠦᠢ ᠦᠭᠡᠢ᠂ ᠪᠦᠬᠡ ᠶᠢᠨ ᠱᠠᠰᠨ ᠰᠤᠶᠤᠯ ᠤᠨ ᠬᠦᠨ᠎ᠡ ᠦᠨᠳᠦᠰᠦ ᠪᠠᠢᠷᠢ ᠲᠠᠢ ᠪᠠᠢᠭᠰᠠᠨ ᠢᠶᠠᠨ ᠲᠤᠬᠠᠢ ᠶᠢᠨ ᠦᠶ᠎ᠡ ᠶᠢᠨ ᠲᠦᠷᠦ ᠵᠠᠰᠠᠭ ᠬᠢᠭᠡᠳ ᠪᠤᠳ᠋ᠳ᠋ᠾᠠ ᠶᠢᠨ ᠱᠠᠰᠢᠨ ᠤ ᠴᠢᠩᠭ᠍᠎ᠠ ᠨᠦᠯᠦᠭᠡᠨ ᠳᠦ ᠳᠠᠢᠰᠤᠩᠨᠠᠭᠳᠠᠬᠤ ᠪᠤᠯᠤᠭᠰᠠᠨ ᠠᠬᠤᠢ ᠤᠴᠠᠷᠠᠯ ᠢ ᠬᠠᠷᠠᠭᠤᠯᠵᠤ ᠪᠠᠢᠳᠠᠭ᠃ |