题名 |
ᠮᠣᠩᠭᠤᠯ ᠬᠢᠲᠠᠳ ᠬᠡᠯᠡᠨ ᠳᠡᠬᠢ ᠨᠡᠢᠯᠡᠮᠡᠯ ᠦᠭᠡ ᠶᠢᠨ ᠦᠨᠳᠦᠰᠦᠯᠡᠯᠲᠦ ᠰᠢᠨᠵᠢ ᠶᠢ ᠬᠠᠷᠢᠴᠠᠭᠤᠯᠬᠤ ᠨᠢ |
作者 |
ᠵᠤᠤ ᠴᠦᠨ ᠮᠢᠩ |
关键词 |
ᠨᠡᠢᠯᠡᠮᠡᠯ ᠦᠭᠡ; ᠳᠤᠲᠤᠭᠠᠳᠤ ᠪᠦᠲᠦᠴᠡ; ᠦᠨᠳᠦᠰᠦᠯᠡᠯᠲᠦ ᠰᠢᠨᠵᠢ |
摘要 |
ᠮᠣᠩᠭᠤᠯ ᠬᠢᠲᠠᠳ ᠬᠡᠯᠡᠨ ᠳᠡᠬᠢ ᠨᠡᠢᠯᠡᠮᠡᠯ ᠦᠭᠡ ᠶᠢᠨ ᠳᠤᠲᠤᠭᠠᠳᠤ ᠪᠦᠲᠦᠴᠡ ᠨᠢ ᠬᠤᠯᠪᠤᠭ᠎ᠠ ᠦᠭᠡ ᠶᠢᠨ ᠠᠷᠭ᠎ᠠ ᠪᠠᠷ ᠪᠦᠲᠦᠭᠡᠭᠳᠡᠭᠰᠡᠨ ᠦᠭᠡ ᠶᠢᠨ ᠦᠨᠳᠦᠰᠦᠯᠡᠯᠲᠦ ᠰᠢᠨᠵᠢ ᠶᠢ ᠳᠤᠰᠬᠠᠨ ᠢᠯᠡᠷᠡᠭᠦᠯᠵᠦ᠂ ᠳᠤᠲᠤᠭᠠᠳᠤ ᠪᠦᠲᠦᠴᠡ ᠶᠢᠨ ᠬᠡᠯᠪᠡᠷᠢ᠂ ᠤᠳᠬ᠎ᠠ ᠪᠤᠯᠤᠨ ᠦᠨᠳᠦᠰᠦᠯᠡᠯᠲᠦ ᠰᠢᠨᠵᠢ ᠨᠢ ᠦᠨᠳᠦᠰᠦᠨ ᠳᠡᠭᠡᠨ ᠨᠢᠭᠡᠲᠦᠯᠲᠡᠢ ᠪᠠᠢᠬᠤ᠂ ᠳᠤᠲᠤᠭᠠᠳᠤ ᠪᠦᠲᠦᠴᠡ ᠶᠢᠨ ᠬᠡᠯᠪᠡᠷᠢ ᠪᠤᠯᠤᠨ ᠤᠳᠬ᠎ᠠ ᠨᠢ ᠨᠢᠭᠡᠲᠦᠯ ᠦᠭᠡᠢ ᠦᠨᠳᠦᠰᠦᠯᠡᠯᠲᠦ ᠰᠢᠨᠵᠢ ᠨᠢ ᠦᠨᠳᠦᠰᠦᠨ ᠳᠡᠭᠡᠨ ᠨᠢᠭᠡᠲᠦᠯᠲᠡᠢ ᠪᠠᠢᠬᠤ᠂ ᠳᠤᠲᠤᠭᠠᠳᠤ ᠪᠦᠲᠦᠴᠡ ᠶᠢᠨ ᠬᠡᠯᠪᠡᠷᠢ᠂ ᠤᠳᠬ᠎ᠠ ᠪᠤᠯᠤᠨ ᠦᠨᠳᠦᠰᠦᠯᠡᠯᠲᠦ ᠰᠢᠨᠵᠢ ᠨᠢ ᠨᠢᠭᠡᠲᠦᠯ ᠦᠭᠡᠢ ᠪᠠᠢᠬᠤ ᠵᠡᠷᠭᠡ ᠦᠵᠡᠭᠳᠡᠯ ᠪᠤᠢ᠃ ᠡᠨᠡ ᠨᠢ ᠬᠤᠶᠠᠷ ᠦᠨᠳᠦᠰᠦᠲᠡᠨ ᠦ ᠰᠡᠳᠬᠢᠭᠦᠢ᠂ ᠠᠮᠢᠳᠤᠷᠠᠯ ᠤᠨ ᠣᠷᠴᠢᠨ᠂ ᠦᠭᠡ ᠬᠡᠯᠡᠨ ᠦ ᠠᠳᠠᠯᠢ ᠪᠤᠰᠤ ᠠᠴᠠ ᠪᠤᠯᠤᠭᠰᠠᠨ ᠬᠡᠯᠡᠨ ᠦ ᠦᠵᠡᠭᠳᠡᠯ ᠪᠤᠯᠤᠨ᠎ᠠ᠃ |
原文 |
查看原文
|
出自 |
中国蒙古学
2015年
第5期
|