摘要 |
ᠳ᠋ᠦᠩᠰᠢᠶᠠᠩ ᠬᠡᠯᠡ ᠪᠤᠯ ᠠᠯᠳᠠᠢ ᠢᠵᠠᠭᠤᠷ ᠬᠡᠯᠡᠨ ᠤ ᠮᠤᠩᠭ᠋ᠤᠯ ᠲᠦᠷᠦᠯ ᠬᠡᠯᠡ ᠪᠤᠯᠬᠤ ᠶᠤᠮ᠃ ᠳ᠋ᠦᠩᠰᠢᠶᠠᠩ ᠬᠡᠯᠡᠨ ᠤ ᠦᠭᠡᠰ ᠤᠨ ᠰᠠᠩ ᠤᠨ 50% ᠡᠴᠡ ᠲᠡᠭᠡᠭ᠍ᠰᠢ ᠨᠢ ᠮᠤᠩᠭ᠋ᠤᠯ ᠬᠡᠯᠡᠨ ᠤ ᠦᠭᠡᠰ ᠤᠨ ᠰᠠᠩ ᠲᠠᠢ ᠲᠤᠬᠢᠷᠠᠯᠴᠠᠬᠤ ᠮᠦᠷᠳᠡᠭᠡᠨ ᠬᠡᠯᠡ ᠵᠦᠢ ᠶᠢᠨ ᠪᠦᠳᠦᠴᠡ ᠨᠢ ᠮᠤᠩᠭ᠋ᠤᠯ ᠬᠡᠯᠡᠨ ᠤ ᠬᠡᠯᠡ ᠵᠦᠢ ᠶᠢᠨ ᠪᠦᠳᠦᠴᠡ ᠲᠠᠢ ᠶᠡᠬᠡᠪᠴᠢᠯᠡᠨ ᠲᠤᠬᠢᠷᠠᠯᠴᠠᠵᠤ ᠪᠠᠢ᠌ᠳᠠᠭ᠃ ᠦᠩᠭᠡᠷᠡᠭᠰᠡᠨ ᠳᠤ ᠡᠷᠳᠡᠮᠳᠡᠳ ᠡᠴᠡ ᠳ᠋ᠦᠩᠰᠢᠶᠠᠩ ᠬᠡᠯᠡᠨ ᠤ ᠦᠭᠡᠰ ᠤᠨ ᠰᠠᠩ ᠢ ᠤᠤᠭᠠᠯ ᠦᠭᠡᠰ ᠪᠠ ᠵᠢᠭᠡᠯᠡᠭᠡ ᠦᠭᠡᠰ ᠭᠡᠵᠦ ᠬᠤᠪᠢᠠᠶᠨ ᠰᠤᠳᠤᠯᠤᠭᠰᠠᠨ ᠪᠠᠢ᠌ᠳᠠᠭ᠃ ᠮᠠᠨ ᠤ ᠦᠵᠡᠬᠦ ᠪᠡᠷ ᠳ᠋ᠦᠩᠰᠢᠶᠠᠩ ᠬᠡᠯᠡᠨ ᠳᠤ ᠤᠤᠭᠠᠯ ᠦᠭᠡᠰ ᠪᠠ ᠵᠢᠭᠡᠯᠡᠭᠡ ᠦᠭᠡᠰ ᠡᠴᠡ ᠭᠠᠳᠠᠨ᠎ᠠ ᠬᠤᠯᠢᠮᠠᠭ ᠦᠭᠡ ᠪᠠ ᠴᠦᠬᠡᠨ ᠪᠤᠰᠤ ᠪᠤᠢ᠂ ᠡᠭᠦᠨ ᠢ ᠪᠠᠢ᠌ᠴᠠᠭᠠᠨ ᠰᠢᠨᠵᠢᠯᠡᠵᠦ ᠰᠢᠰᠲ᠋ᠸᠮᠴᠢᠯᠡᠨ ᠰᠤᠳᠤᠯᠬᠤ ᠨᠢ ᠮᠠᠰᠢ ᠴᠢᠬᠤᠯᠠ ᠠᠴᠢ ᠬᠤᠯᠪᠤᠭᠳᠠᠯ ᠲᠠᠢ ᠶᠤᠮ᠃ |