论文信息


题名 《ᠡᠪᠡᠷᠳᠦ ᠦᠨᠦᠭᠦᠨ ᠴᠠᠭᠠᠨ》ᠭᠡᠬᠦ ᠮᠤᠷᠢᠨ ᠤ ᠨᠡᠷ᠎ᠡ ᠶᠢ ᠰᠢᠨᠵᠢᠯᠡᠬᠦ ᠨᠢ
作者 ᠵᠢᠨ ᠭᠠᠩ
关键词 ᠡᠪᠡᠷᠳᠦ ᠦᠨᠦᠭᠦᠨ ᠴᠠᠭᠠᠨ; ᠢᠮᠠᠭ᠎ᠠ ᠪᠤᠶᠤ ᠢᠰᠢᠭᠡ ᠮᠡᠳᠦ ᠰᠠᠭᠠᠷᠠᠯ ᠮᠤᠷᠢ; ᠭᠠᠭᠴᠠ ᠡᠪᠡᠷᠳᠦ ᠠᠷᠢᠶᠠᠳᠠᠨ
摘要 ᠲᠤᠷᠤᠨᠠᠳᠠᠬᠢᠨ ᠬᠢᠭᠡᠳ ᠦᠷᠦᠨᠡᠳᠡᠬᠢᠨ ᠤ ᠭᠠᠭᠴᠠ ᠡᠪᠡᠷᠳᠦ ᠠᠷᠢᠶᠠᠳᠠᠨ ᠤ ᠲᠤᠬᠠᠢ ᠲᠤᠮᠤᠭ ᠶᠠᠷᠢᠶᠠᠨ ᠳᠤ᠂ ᠲᠡᠭᠦᠨ ᠢ ᠴᠦᠮ ᠡᠷᠡᠦ ᠶᠢᠨ ᠲᠤᠤᠷ᠎ᠠ ᠪᠠᠨ ᠰᠠᠬᠠᠯ ᠲᠠᠢ ᠰᠠᠯᠠᠭ᠎ᠠ ᠲᠤᠭᠤᠷᠠᠢ ᠲᠠᠢ ᠭᠠᠭᠴᠠ ᠡᠪᠡᠷᠳᠦ ᠢᠮᠠᠭ᠎ᠠ ᠪᠤᠶᠤ ᠢᠰᠢᠭᠡ ᠮᠡᠳᠦ ᠰᠠᠭᠠᠷᠠᠯ ᠮᠤᠷᠢ ᠪᠡᠷ ᠲᠦᠷᠰᠦᠯᠡᠳᠡᠭ ᠨᠢᠭᠡ ᠵᠦᠢᠯ ᠤᠨ ᠮᠤᠲ᠋ᠢᠹ ᠪᠤᠢ ᠪᠦᠭᠡᠳ ᠲᠡᠷᠡ ᠨᠢ ᠡᠷᠳᠡᠨ ᠤ ᠪᠢᠴᠢᠭ᠌ ᠮᠠᠲ᠋ᠸᠷᠢᠶᠠᠯ᠂ ᠤᠷᠠᠯᠢᠭ ᠤᠨ ᠪᠦᠳᠦᠭᠡᠯ ᠬᠢᠭᠡᠳ ᠬᠠᠭᠤᠴᠢᠰ ᠤᠨ ᠤᠬᠠᠭᠠᠨ ᠤ ᠤᠯᠳᠠᠪᠤᠷᠢ ᠵᠡᠷᠭᠡ ᠳᠤ ᠴᠦᠮ ᠢᠯᠡ ᠲᠤᠳᠤᠷᠬᠠᠢ ᠲᠤᠰᠬᠠᠭᠳᠠᠵᠤ ᠢᠷᠡᠭᠰᠡᠨ ᠪᠠᠢ᠌ᠨ᠎ᠠ᠃《ᠮᠤᠩᠭ᠋ᠤᠯ ᠤᠨ ᠨᠢᠭᠤᠴᠠ ᠲᠤᠪᠴᠢᠶᠠᠨ》 ᠳᠤ ᠲᠡᠮᠳᠡᠭᠯᠡᠨ ᠪᠤᠢ《ᠡᠪᠡᠷᠳᠦ ᠦᠨᠦᠭᠦᠨ ᠴᠠᠭᠠᠨ》ᠭᠡᠳᠡᠭ ᠮᠤᠷᠢᠨ ᠤ ᠨᠡᠷ᠎ᠡ ᠨᠢ ᠠᠩᠬᠠᠨ ᠳᠠᠭᠠᠨ ᠶᠠᠭ ᠲᠡᠷᠡ ᠬᠦ ᠭᠠᠭᠴᠠ ᠡᠪᠡᠷ ᠲᠠᠢ ᠰᠢᠳᠢᠳᠦ ᠠᠷᠢᠶᠠᠳᠠᠨ ᠢ ᠵᠢᠭᠠᠭᠰᠠᠨ ᠲᠤᠰᠬᠠᠢ ᠨᠡᠷ᠎ᠡ ᠪᠠᠢ᠌ᠭᠰᠠᠨ ᠶᠤᠰᠤᠳᠠᠢ ᠶᠤᠮ᠃《ᠡᠪᠡᠷᠳᠦ ᠦᠨᠦᠭᠦᠨ ᠴᠠᠭᠠᠨ》ᠭᠡᠳᠡᠭ ᠮᠤᠷᠢ ᠨᠢ ᠲᠠᠷᠤᠢ ᠲᠡᠷᠡ ᠬᠦ ᠭᠠᠭᠴᠠ ᠡᠪᠡᠷᠳᠦ ᠠᠷᠢᠶᠠᠳᠠᠨ ᠤ ᠨᠡᠷ᠎ᠡ ᠪᠡᠷ ᠵᠦᠢᠷᠯᠡᠨ ᠨᠡᠷᠡᠯᠡᠭᠰᠡᠨ ᠡᠷᠳᠡᠨᠢ ᠶᠢᠨ ᠬᠦᠯᠦᠭ ᠪᠤᠯᠤᠨ᠎ᠠ᠃
原文 查看原文
出自 中国蒙古学 2015年 第3期

联系我们


内蒙古大学图书馆
呼和浩特市大学西路235号
中国·内蒙古
P: (0471) 4992561
E: huangfeilong@imu.edu.cn