题名 |
ᠡᠷᠲᠡᠨ ᠤ ᠮᠣᠩᠭ᠋ᠤᠯ ᠵᠣᠬᠢᠶᠠᠯ ᠤᠨ ᠣᠨᠤᠯ ᠦᠭᠦᠯᠡᠬᠦᠶ ᠶᠢᠨ ᠵᠠᠩᠭᠢᠯᠭ᠎ᠠ ᠦᠭᠡ— ᠪᠠᠶᠠᠰᠬᠠᠨ ᠦᠢᠯᠡᠳᠬᠦ |
作者 |
ᠮᠦᠩᠭᠦᠨᠴᠢᠮᠡᠭ |
关键词 |
ᠮᠣᠨᠩᠭ᠋ᠤᠯ ᠵᠣᠬᠢᠶᠠᠯ; ᠣᠨᠤᠯ ᠦᠭᠦᠯᠡᠬᠦᠶ; ᠪᠠᠶᠠᠰᠬᠠᠨ ᠦᠢᠯᠡᠳᠬᠦ |
摘要 |
ᠮᠣᠨᠩᠭ᠋ᠤᠯᠴᠤᠳ《 ᠵᠣᠬᠢᠰᠲᠤ ᠠᠶᠠᠯᠬ᠋ᠤ ᠶᠢᠨ ᠲᠣᠯᠢ》ᠵᠢ ᠲᠦᠪᠡᠳ ᠢᠢᠡᠷ ᠲᠠᠮᠵᠢᠨ ᠬᠦᠯᠢᠶᠡᠨ ᠠᠪᠴᠤ᠂ ᠢᠷᠠᠭᠤ ᠨᠠᠢᠢᠷᠠᠭ ᠤᠨ ᠲᠣᠬᠠᠢ ᠣᠨᠤᠯ ᠤᠨ ᠰᠢᠮ ᠡ ᠵᠢ ᠬᠦᠷᠲᠡᠬᠦ ᠳᠡᠭᠡᠨ ᠢᠷᠠᠭᠤ ᠨᠠᠢᠢᠷᠠᠭ ᠤᠨ ᠪᠶᠠᠰᠬᠠᠨ ᠦᠢᠯᠡᠳᠬᠦ ᠦᠨᠳᠦᠰᠦᠨ ᠱᠠᠭᠠᠷᠳᠠᠯᠭ᠎ᠠ ᠵᠢ ᠲᠦᠪᠡᠳᠴᠦᠳ ᠤᠨ 《ᠶᠠᠩᠵᠢᠮ ᠠ ᠵᠢ ᠪᠠᠶᠠᠰᠬᠠᠬᠤ ᠡᠭᠡᠰᠢᠭ᠌ ᠲᠠᠭᠤᠨ》ᠭᠡᠰᠡᠨ ᠡᠴᠡ ᠦᠷᠭᠡᠳᠭᠡᠵᠦ ᠵᠣᠬᠢᠰᠳᠤ ᠠᠶᠠᠯᠭᠤ ᠵᠢ ᠬᠦᠭ᠍ᠵᠢᠮ᠂ ᠲᠠᠭᠤᠤ᠂ ᠪᠠᠭᠰᠢ ᠶᠢᠨ ᠨᠣᠮᠯᠠᠯ ᠠᠳᠠᠯᠢ ᠪᠡᠷ ᠴᠦᠮ 《ᠪᠠᠶᠠᠰᠬᠤᠯᠠᠩ ᠲᠦᠷᠦᠭᠦᠯᠬᠦ》ᠦᠢᠯᠡᠰ ᠭᠡᠵᠦ ᠦᠵᠡᠬᠦ ᠪᠣᠯᠵᠠᠢ᠃ ᠲᠣᠬᠠᠢᠢᠯᠠᠪᠠᠯ《ᠵᠣᠬᠢᠰᠲᠤ ᠠᠶᠠᠯᠭᠤ ᠶᠢᠨ ᠲᠣᠯᠢ》ᠵᠢ ᠬᠠᠮᠤᠭ ᠲᠦᠷᠦᠭᠦᠦ ᠰᠣᠳᠤᠯᠤᠭᠰᠠᠨ ᠯᠠᠮ ᠠ ᠡᠷᠳᠡᠮᠲᠡᠨ ᠽᠠᠶ ᠠ ᠪᠠᠨᠳᠢᠳᠠ ᠯᠣᠪᠰᠠᠩᠫᠸᠷᠯᠠᠢ ᠪᠡᠷ ᠢᠷᠡᠭᠤ ᠨᠠᠢᠢᠷᠠᠭ ᠢ 《ᠡᠰᠡᠷᠣ ᠠ ᠶᠢᠨ ᠬᠦᠪᠡᠭᠦᠳ ᠢ ᠪᠡᠶᠠᠰᠬᠠᠬᠤᠢ ᠡᠭᠡᠰᠢᠭ᠌ ᠲᠠᠭᠤᠨ》 ᠭᠡᠵᠦ ᠨᠡᠷᠡᠯᠡᠭᠰᠡᠨ ᠪᠦᠭᠡᠳ ᠤᠳᠭ ᠠ ᠶᠢᠨ ᠭᠤᠴᠢᠨ ᠲᠠᠪᠤᠨ ᠴᠢᠮᠡᠭ ᠤᠨ ᠵᠠᠷᠴᠢᠮ ᠢᠢᠡᠷ ᠮᠠᠨᠵᠤᠰᠢᠷᠢ᠂ ᠶᠠᠩᠵᠢᠯᠾᠨᠮᠤ ᠲᠡᠷᠢᠭᠦᠲᠡᠢ ᠪᠠᠶᠠᠰᠬᠠᠯ ᠤᠨ ᠪᠣᠷᠬᠠᠳ᠂ ᠲᠦᠪᠡᠳ ᠤᠨ ᠨᠣᠮ ᠤᠨ ᠮᠡᠷᠭᠡᠳ ᠤᠨ ᠪᠡᠶ ᠡ᠂ ᠬᠡᠯᠡ᠂ ᠲᠠᠭᠠᠯᠠᠯ ᠦᠢᠯᠡᠰ ᠤᠨ ᠡᠷᠳᠡᠮ ᠢ ᠮᠠᠭᠲᠠᠵᠠᠢ᠃ ᠡᠭᠦᠨ ᠡᠴᠡ ᠪᠢᠳᠡ ᠮᠣᠩᠭ᠋ᠤᠯᠴᠤᠳ ᠤᠨ ᠢᠷᠠᠭᠤ ᠨᠠᠢᠢᠷᠠᠭ ᠨᠢ ᠶᠠᠩᠵᠢᠮ ᠠ ᠲᠡᠳᠦᠢ ᠪᠢᠰᠢ᠂ ᠪᠦᠬᠦ ᠪᠣᠷᠬᠠᠳ ᠢ ᠪᠠᠶᠠᠰᠬᠠᠬᠤ ᠦᠢᠯᠡᠰ ᠭᠡᠵᠦ ᠲᠠᠨᠢᠵᠤ ᠪᠠᠢᠢᠭᠰᠠᠨ ᠭᠡᠵᠦ ᠣᠢᠢᠯᠡᠭᠠᠵᠤ ᠪᠣᠯᠤᠨ᠎ᠠ᠃ ᠡᠢᠢᠮᠦᠷᠬᠦᠦ ᠦᠵᠡᠯᠲᠡ ᠳᠤ ᠠᠯᠠᠱᠠ ᠯᠾᠷᠠᠮᠪᠠ ᠠᠭᠸᠠᠩᠳᠠᠨᠳᠠᠷ ᠤᠨ ᠦᠵᠡᠯᠲᠡ ᠲᠦᠯᠦᠭᠡᠯᠡᠭᠦᠢᠴᠡ ᠪᠣᠯᠤᠨ᠎ᠠ᠃ |
原文 |
查看原文
|
出自 |
中国蒙古学
2011年
第6期
|