论文信息


题名 ᠤᠶᠢᠷᠠᠳ ᠮᠤᠩᠭᠤᠯ ᠠᠷᠠᠳ ᠤᠨ ᠳᠠᠭᠤᠤ ᠳᠠᠬᠢ ᠮᠤᠷᠢᠨ ᠤ ᠵᠢᠰᠦᠮ ᠦᠨ ᠤᠴᠢᠷ
作者 ᠡᠷᠳᠡᠨᠢᠪᠢᠯᠢᠭ᠌
关键词 ᠤᠶᠢᠷᠠᠳ ᠮᠤᠩᠭᠤᠯ; ᠠᠷᠠᠳ ᠤᠨ ᠳᠠᠭᠤᠤ; ᠮᠤᠷᠢᠨ ᠤ ᠵᠢᠰᠦᠮ
摘要 ᠠᠯᠢ ᠴᠤ ᠦᠨᠳᠦᠰᠦᠲᠡᠨ ᠶᠠᠰᠤᠲᠠᠨ ᠦᠪᠡᠷ ᠦᠨ ᠬᠢᠨᠢ ᠲᠠᠭᠠᠰᠢᠶᠠᠬᠤ ᠪᠠ ᠦᠯᠦ ᠲᠠᠭᠠᠰᠢᠶᠠᠬᠤ ᠦᠩᠭᠡ ᠭᠡᠵᠦ ᠪᠠᠶᠢᠳᠠᠭ᠂ ᠤᠶᠢᠷᠠᠳ ᠮᠤᠨᠭᠭᠤᠯᠴᠤᠳ ᠡᠬᠡ ᠪᠠᠶᠢᠭᠠᠯᠢ᠂ ᠡᠴᠢᠬᠡ ᠲᠡᠭᠷᠢ ᠶᠢᠨ ᠡᠯᠳᠡᠪ ᠦᠵᠡᠭᠳᠡᠯ ᠢ ᠠᠵᠢᠭᠯᠠᠨ ᠬᠠᠷᠠᠵᠤ 《ᠴᠠᠭᠠᠨ᠂ ᠬᠦᠬᠡ᠂ ᠤᠯᠠᠭᠠᠨ᠂ ᠨᠤᠭᠤᠭᠠᠨ᠂ ᠬᠠᠷ᠎ᠠ》᠋ ᠶᠢ ᠦᠨᠳᠦᠰᠦᠨ ᠲᠠᠪᠤᠨ ᠦᠩᠭᠡ ᠪᠡᠷ ᠦᠵᠡᠵᠦ᠂ ᠤᠪᠤᠭ᠎ᠠ ᠲᠠᠬᠢᠯᠭ᠎ᠠ ᠶᠢᠨ ᠶᠤᠰᠤᠯᠠᠯ᠂ ᠲᠠᠷᠴᠠᠭ ᠳᠠᠯᠪᠠᠭ᠎ᠠ ᠶᠢᠨ ᠦᠵᠦᠭᠦᠷ ᠲᠦ ᠪᠦᠷ 《ᠲᠠᠪᠤᠨ ᠦᠩᠭᠡ ᠶᠢᠨ ᠪᠦᠰ》᠋ ᠢᠶᠡᠷ ᠴᠢᠮᠡᠵᠦ ᠬᠦᠨᠳᠦᠳᠭᠡᠯ ᠪᠢᠰᠢᠷᠡᠯ ᠦᠨ ᠰᠡᠳᠬᠢᠯᠭᠡ ᠪᠡᠨ ᠢᠯᠡᠳᠭᠡᠳᠡᠭ ᠢᠶᠡᠷ ᠪᠠᠷᠠᠬᠤ ᠦᠭᠡᠢ᠂ ᠠᠷᠠᠳ ᠤᠨ ᠳᠠᠭᠤᠤ ᠪᠠᠨ ᠬᠦᠯᠦᠭ ᠮᠤᠷᠢᠨ ᠤ ᠦᠩᠭᠡ ᠵᠢᠰᠦᠮ ᠢᠶᠡᠷ ᠨᠡᠷᠡᠶᠢᠳᠦᠨ ᠳᠠᠭᠤᠯᠠᠬᠤ ᠪᠤᠶᠤ ᠬᠦᠯᠦᠭ ᠮᠤᠷᠢ ᠪᠠᠨ ᠦᠩᠭᠡᠯᠡᠨ ᠵᠢᠰᠦᠯᠡᠵᠦ ᠮᠠᠭᠲᠠᠨ ᠳᠠᠭᠤᠯᠠᠵᠤ᠂ ᠦᠪᠡᠷ ᠦᠨ ᠬᠦᠰᠡᠯ ᠰᠡᠳᠬᠢᠯᠭᠡ ᠪᠡᠨ ᠢᠯᠡᠳᠭᠡᠳᠡᠭ ᠵᠤᠷᠰᠢᠯ ᠲᠠᠢ ᠶᠤᠮ᠃ ᠭᠡᠬᠦ ᠳᠡᠭᠡᠨ ᠡᠳᠡᠭᠡᠷ ᠤᠯᠠᠨ ᠵᠢᠰᠦᠮ ᠦᠨ ᠦᠩᠭᠡ ᠨᠢ ᠲᠤᠬᠠᠢ ᠶᠢᠨ ᠤᠷᠤᠰᠢᠨ ᠪᠠᠶᠢᠭ᠎ᠠ ᠭᠠᠵᠠᠷ ᠵᠦᠢ ᠶᠢᠨ ᠤᠷᠴᠢᠨ ᠠᠬᠤᠢ᠂ ᠠᠭᠤᠷ ᠠᠮᠢᠰᠬᠤᠯ ᠤᠨ ᠠᠳᠠᠯᠢ ᠪᠤᠰᠤ ᠬᠢᠭᠡᠳ ᠬᠦᠷᠦᠰᠦ ᠰᠢᠷᠦᠢ ᠶᠢᠨ ᠢᠯᠭᠠᠭ᠎ᠠ ᠠᠴᠠ ᠡᠶᠢᠮᠦᠷᠬᠦᠦ ᠤᠯᠠᠨ ᠶᠠᠩᠵᠤ ᠶᠢᠨ ᠦᠩᠭᠡ ᠵᠢᠰᠦᠮ ᠡᠭᠦᠰᠴᠦ ᠪᠤᠢ ᠪᠤᠯᠤᠭᠰᠠᠨ ᠪᠠᠶᠢᠨ᠎ᠠ᠃
原文 查看原文
出自 中国蒙古学 2010年 第5期

联系我们


内蒙古大学图书馆
呼和浩特市大学西路235号
中国·内蒙古
P: (0471) 4992561
E: huangfeilong@imu.edu.cn