摘要 |
ᠣᠢ᠌ᠷᠠᠳ ᠠᠷᠠᠳ ᠤᠨ ᠤᠷᠲᠤ ᠶᠢᠨ ᠳᠠᠭᠤᠤ ᠶᠢᠨ ᠲᠠᠷᠬᠠᠯᠲᠠ ᠶᠢᠨ ᠣᠨᠴᠠᠯᠢᠭ ᠢ ᠲᠤᠷᠭᠤᠳ ᠬᠤᠱᠤᠳ᠂ ᠳᠦᠷᠪᠡᠳ᠂ ᠪᠠᠶᠠᠳ ᠭᠡᠬᠦ ᠮᠡᠲᠦ ᠪᠡᠷ ᠬᠡᠳᠦ ᠬᠡᠳᠦᠨ ᠪᠦᠰᠡ ᠳᠦ ᠪᠤᠶᠤ ᠲᠡᠳ᠋ ᠠᠮᠠᠨ ᠠᠶᠠᠯᠭᠤᠳᠤ ᠬᠤᠪᠢᠶᠠᠨ ᠰᠤᠳᠤᠯᠵᠤ ᠪᠤᠯᠤᠨ᠎ᠠ᠃ ᠭᠡᠬᠦ ᠳᠡᠭᠡᠨ ᠲᠡᠳᠡᠨ ᠦ ᠳᠠᠭᠤᠤ ᠨᠤᠭᠤᠳ ᠪᠡᠶ᠎ᠡ ᠪᠡᠶ᠎ᠡ ᠳᠡᠭᠡᠨ ᠬᠠᠷᠢᠯᠴᠨ ᠨᠦᠯᠦᠭᠡᠯᠡᠵᠦ᠂ ᠵᠠᠷᠢᠮ ᠲᠠᠯ᠎ᠠ ᠪᠠᠷ ᠬᠠᠷᠢᠯᠴᠠᠨ ᠲᠦᠰᠦᠭᠡᠲᠡᠢ᠂ ᠵᠠᠷᠢᠮ ᠲᠠᠯ᠎ᠠ ᠪᠠᠷ ᠢᠯᠭᠠᠭ᠎ᠠ ᠲᠠᠢ ᠪᠤᠯᠤᠭᠰᠠᠨ ᠦᠵᠡᠭᠳᠡᠯ ᠣᠷᠤᠰᠢᠵᠤ ᠪᠤᠢ᠃ ᠣᠢ᠌ᠷᠠᠳ ᠠᠷᠠᠳ ᠤᠨ ᠤᠷᠲᠤ ᠶᠢᠨ ᠳᠠᠭᠤᠤ ᠶᠢᠨ ᠲᠠᠷᠬᠠᠯᠲᠠ ᠨᠢ ᠣᠯᠠᠨ ᠣᠪᠤᠭ ᠶᠠᠰᠤᠲᠠᠨ ᠤ ᠲᠠᠷᠬᠠᠯᠲᠠ ᠶᠢᠨ ᠣᠷᠴᠢᠨ ᠠᠬᠤᠢ ᠲᠠᠢ ᠬᠤᠯᠪᠤᠭᠳᠠᠬᠤ ᠪᠠᠷ ᠪᠠᠷᠠᠬᠤ ᠦᠭᠡᠢ᠂ ᠣᠪᠤᠭ ᠶᠠᠰᠤᠲᠠᠨ ᠤ ᠬᠡᠯᠡ ᠬᠡᠯᠡᠯᠭᠡ᠂ ᠵᠠᠩ ᠦᠢᠯᠡ ᠳᠦ ᠰᠠᠭᠤᠷᠢᠯᠠᠭᠳᠠᠨ ᠳᠠᠭᠤᠯᠠᠭᠳᠠᠳᠠᠭ ᠪᠤᠯᠬᠤ ᠡᠢ᠌ᠮᠦᠷᠭᠦᠦ ᠪᠠᠢ᠌ᠳᠠᠯ ᠪᠤᠢ ᠪᠤᠢᠯᠵᠠᠢ᠃ |