摘要 |
ᠰᠢᠨᠵᠢᠶᠠᠩ ᠤᠨ ᠮᠣᠩ᠋ᠭᠤᠯᠴᠤᠳ 360 ᠬᠡᠳᠦᠨ ᠵᠢᠯ ᠡᠴᠡ ᠨᠠᠭᠠᠰᠢ᠂ ᠲᠤᠳᠤ ᠦᠰᠦᠭ ᠢᠶᠡᠷ ᠪᠢᠴᠢᠭᠡᠳ᠂ ᠬᠡᠪᠯᠡᠭᠡᠳ ᠪᠠᠢ᠌ᠭᠰᠠᠨ ᠲᠡᠷᠡ ᠶᠡᠬᠡ ᠣᠯᠠᠨ ᠰᠤᠳᠤᠷ ᠨᠤᠮ᠂ ᠰᠤᠨᠢᠨ ᠰᠡᠳᠭᠦᠯ ᠢᠶᠡᠨ ᠰᠤᠳᠤᠯᠬᠤ ᠶᠢᠨ ᠲᠦᠯᠦᠭᠡ ᠪᠠᠰᠠ 《ᠵᠢᠩ᠋ᠭᠠᠷ》᠂ 《ᠭᠡᠰᠡᠷ》᠂ 《ᠪᠤᠮ ᠡᠷᠳᠡᠨᠢ》᠂ 《ᠬᠠᠨ ᠬᠠᠷᠠᠩ᠋ᠭᠤᠢ》᠂ 《ᠵᠤᠯᠠ ᠠᠯᠳᠠᠷ ᠬᠠᠭᠠᠨ》ᠵᠡᠷᠭᠡ ᠣᠷᠤᠨ ᠤ ᠪᠤᠶᠤ ᠤᠯᠤᠰ ᠤᠨ ᠵᠡᠷᠭᠡ ᠲᠡᠢ ᠪᠡᠶᠡᠲᠦ ᠪᠤᠰᠤ ᠰᠤᠶᠤᠯ ᠤᠨ ᠦᠪ ᠵᠦᠭᠡᠷᠢ (非物质文化遗产)ᠪᠡᠨ ᠤᠭ ᠦᠭᠡ ᠬᠡᠯᠡ ᠦᠰᠦᠭ ᠪᠢᠴᠢᠭ᠌ ᠢᠶᠡᠷ ᠨᠢ ᠡᠮᠬᠢᠳᠭᠡᠵᠦ ᠬᠡᠪᠯᠡᠭᠦᠯᠬᠦ ᠶᠢᠨ ᠲᠦᠯᠦᠭᠡ ᠣᠳᠣ ᠲᠤᠳᠤ ᠦᠰᠦᠭ ᠢ ᠰᠠᠢ᠌ᠨ ᠬᠡᠷᠡᠭᠴᠡᠭᠡ ᠲᠡᠢ ᠪᠤᠯᠵᠤ ᠪᠠᠢ᠌ᠨ᠎ᠠ᠃ ᠶᠠᠮᠠᠷ ᠴᠤ ᠬᠦᠮᠦᠨ ᠢᠯᠡᠭᠦᠦ ᠨᠢᠭᠡ ᠵᠤᠢ᠌ᠯ ᠤᠨ ᠬᠡᠯᠡ ᠪᠤᠶᠤ ᠦᠰᠦᠭ ᠪᠢᠴᠢᠭ᠌ ᠢ ᠰᠤᠷᠠᠭᠠᠳ ᠠᠪᠤᠪᠠᠯ ᠲᠤᠰᠠ ᠲᠠᠢ ᠪᠤᠯᠬᠤ ᠠᠴᠠ ᠪᠢᠰᠢ ᠬᠤᠤᠷᠲᠠᠢ ᠪᠤᠯᠬᠤ ᠦᠭᠡᠢ᠃ ᠶᠠᠭ ᠡᠢ᠌ᠮᠦ ᠤᠴᠢᠷ ᠠᠴᠠ ᠪᠢ ᠳᠤᠤᠷᠠᠬᠢ ᠬᠡᠳᠦᠨ ᠵᠤᠢ᠌ᠯ ᠤᠨ ᠰᠠᠨᠠᠯ ᠵᠦᠪᠯᠡᠯᠭᠡ ᠪᠡᠨ ᠣᠯᠠᠨ ᠳᠤ ᠲᠤᠯᠢᠳᠤᠭᠤᠯᠰᠤ᠃ |