题名 |
《ᠬᠦᠬᠡ ᠲᠤᠭ》 ᠰᠤᠨᠢᠨ ᠬᠢᠭᠡᠳ ᠣᠷᠴᠢᠨ ᠦᠶ᠎ᠡ ᠶᠢᠨ ᠮᠣᠩᠭᠤᠯ ᠤᠷᠠᠨ ᠵᠤᠬᠢᠶᠠᠯ ᠤᠨ ᠬᠤᠯᠪᠤᠭᠳᠠᠯ |
作者 |
ᠨᠤᠨᠳᠠᠭᠤᠯᠠ |
关键词 |
《ᠬᠦᠬᠡ ᠲᠤᠭ》 ᠰᠤᠨᠢᠨ; ᠵᠤᠬᠢᠶᠠᠯᠴᠢᠳ; ᠮᠣᠩᠭᠤᠯ ᠤᠷᠠᠨ ᠵᠤᠬᠢᠶᠠᠯ |
摘要 |
ᠬᠠᠭᠤᠷᠮᠠᠭ 《ᠮᠠᠨᠵᠤ ᠤᠯᠤᠰ》 ᠤᠨ ᠦᠶ᠎ᠡ ᠳᠦ ᠡᠷᠬᠢᠯᠡᠵᠦ ᠪᠠᠢᠭᠰᠠᠨ 《ᠬᠦᠬᠡ ᠲᠤᠭ》 ᠰᠤᠨᠢᠨ ᠨᠢ ᠲᠤᠬᠠᠢ ᠶᠢᠨ ᠦᠶ᠎ᠡ ᠶᠢᠨ ᠦᠪᠦᠷ ᠮᠣᠩᠭᠤᠯ ᠤᠨ ᠤᠷᠠᠨ ᠵᠤᠬᠢᠶᠠᠯᠴᠢ᠂ ᠰᠤᠷᠤᠭᠴᠢ ᠰᠡᠭᠡᠭᠡᠲᠡᠳ ᠦᠨ ᠵᠤᠬᠢᠶᠠᠯ ᠪᠦᠲᠦᠭᠡᠯ ᠦᠨ ᠨᠡᠢᠲᠡᠯᠡᠭᠦᠯᠬᠦ ᠳᠠᠪᠴᠠᠩ ᠪᠤᠯᠵᠤ ᠪᠠᠢᠪᠠ᠃ ᠠᠩᠬ᠎ᠠ ᠠᠯᠬᠤᠮ ᠪᠦᠷᠢᠳᠭᠡᠭᠰᠡᠨ ᠢᠶᠡᠷ᠂ ᠲᠤᠰ ᠰᠤᠨᠢᠨ ᠳᠤ ᠠᠳᠠᠯᠢ ᠪᠤᠰᠤ ᠠᠭᠤᠯᠭ᠎ᠠ ᠬᠡᠯᠪᠡᠷᠢ ᠶᠢᠨ ᠵᠤᠬᠢᠶᠠᠯ ᠪᠦᠲᠦᠭᠡᠯ ᠨᠡᠢᠲᠡᠯᠡᠭᠦᠯᠦᠭᠰᠡᠨ ᠬᠦᠮᠦᠰ ᠨᠡᠢᠲᠡ ᠵᠢᠷᠭᠤᠭᠠᠨ ᠵᠠᠭᠤ ᠭᠠᠷᠤᠢ ᠨᠡᠷ᠎ᠡ ᠭᠠᠷᠤᠭᠰᠠᠨ ᠪᠠᠢᠨ᠎ᠠ᠃ ᠲᠤᠬᠠᠢ ᠶᠢᠨ ᠦᠶ᠎ᠡ ᠶᠢᠨ ᠣᠨᠴᠠᠭᠠᠢ ᠴᠠᠭ ᠲᠦᠷᠦ ᠶᠢᠨ ᠣᠷᠴᠢᠨ ᠲᠤᠭᠤᠷᠢᠨ ᠳᠤ᠂ ᠦᠩᠭᠡᠷᠡᠭᠰᠡᠨ ᠦ ᠪᠠᠭᠠᠲᠤᠷ ᠲᠡᠦᠬᠡ ᠪᠡᠨ ᠪᠠᠬᠠᠷᠴᠤ᠂ ᠦᠨᠦᠳᠦᠷ ᠦᠨ ᠲᠦᠭᠰᠢᠭᠦᠷᠢ ᠪᠡᠨ ᠤᠬᠠᠮᠰᠠᠷᠠᠨ᠂ ᠦᠨᠳᠦᠰᠦᠲᠡᠨ ᠢᠶᠡᠨ ᠠᠪᠤᠷᠠᠵᠤ᠂ ᠦᠨᠳᠦᠰᠦᠲᠡᠨ ᠢᠶᠡᠨ ᠬᠦᠭᠵᠢᠭᠦᠯᠬᠦ ᠦᠵᠡᠯ ᠰᠠᠨᠠᠭ᠎ᠠ ᠪᠠᠨ ᠢᠯᠡᠳᠭᠡᠭᠰᠡᠨ ᠵᠤᠬᠢᠶᠠᠯᠴᠢ ᠪᠠ ᠲᠡᠳᠡᠨ ᠦ ᠵᠤᠬᠢᠶᠠᠯ ᠪᠦᠲᠦᠭᠡᠯ ᠦᠳ ᠣᠯᠠᠨ ᠢᠯᠡᠷᠡᠪᠡ᠃ 《ᠬᠦᠬᠡ ᠰᠤᠳᠤᠷ》᠂ ᠮᠣᠩᠭᠤᠯ ᠤᠨ ᠲᠡᠦᠬᠡ᠂ ᠰᠤᠳᠤᠷ ᠲᠡᠦᠬᠡ ᠶᠢᠨ ᠬᠤᠪᠢ ᠪᠠᠷ ᠨᠡᠢᠲᠡᠯᠡᠭᠳᠡᠵᠦ ᠪᠠᠢᠭᠰᠠᠨ ᠪᠦᠭᠡᠳ ᠲᠡᠷᠡ ᠨᠢ ᠨᠡᠢᠲᠡᠯᠡᠭᠳᠡᠬᠦ ᠵᠤᠷᠢᠯᠭ᠎ᠠ ᠳᠠᠭᠠᠨ ᠬᠦᠷᠴᠦ ᠪᠠᠢᠭᠰᠠᠨ ᠭᠡᠵᠦ ᠦᠵᠡᠨ᠎ᠡ᠃ ᠬᠡᠷᠪᠡ ᠲᠡᠷᠡ ᠦᠶ᠎ᠡ ᠶᠢᠨ ᠪᠢᠴᠢᠭ ᠬᠡᠪᠯᠡᠯ ᠦᠨ ᠠᠵᠢᠯ ᠬᠠᠭᠠᠭᠳᠠᠵᠤ᠂ 《ᠬᠦᠬᠡ ᠲᠤᠭ》 ᠰᠤᠨᠢᠨ᠂ 《ᠤᠯᠠᠭᠠᠨ ᠪᠠᠷᠰ》 ᠰᠡᠳᠭᠦᠯ ᠮᠡᠲᠦ ᠲᠠᠯᠠᠪᠤᠷ ᠪᠠᠢᠭᠰᠠᠨ ᠦᠭᠡᠢ ᠪᠤᠯ ᠲᠤᠬᠠᠢ ᠶᠢᠨ ᠦᠶ᠎ᠡ ᠶᠢᠨ ᠮᠣᠩᠭᠤᠯ ᠦᠨᠳᠦᠰᠦᠲᠡᠨ ᠦ ᠪᠢᠴᠢᠭ ᠦᠨ ᠵᠤᠬᠢᠶᠠᠯᠴᠢᠳ ᠤᠨ ᠵᠤᠬᠢᠶᠠᠯ ᠪᠦᠲᠦᠭᠡᠯ ᠢ ᠦᠭᠦᠯᠡᠬᠦ ᠳᠦ ᠲᠦᠪᠡᠭᠲᠡᠢ ᠶᠤᠮ᠃ ᠲᠡᠮᠡᠭᠡᠲᠦ᠂ ᠬᠡᠰᠢᠩᠬᠡ᠂ ᠪᠦᠬᠡᠬᠡᠰᠢᠭ ᠵᠡᠷᠭᠡ ᠦᠨᠳᠦᠰᠦᠲᠡᠨ ᠦ ᠪᠡᠨ ᠤᠳᠬ᠎ᠠ ᠰᠤᠶᠤᠯ ᠢ ᠬᠦᠭᠵᠢᠭᠦᠯᠬᠦ ᠤᠬᠠᠮᠰᠠᠷᠲᠠᠢ ᠴᠢᠳᠠᠪᠤᠷᠢᠲᠠᠢ ᠵᠢᠳᠭᠦᠯᠲᠡᠨ ᠪᠡ ᠵᠤᠬᠢᠶᠠᠨ ᠪᠠᠢᠭᠤᠯᠤᠭᠴᠢᠳ ᠤᠨ ᠵᠢᠭᠠᠨ ᠵᠢᠯᠤᠭᠤᠳᠤᠯᠭ᠎ᠠ ᠨᠢ ᠮᠣᠩᠭᠤᠯ ᠤᠷᠠᠨ ᠵᠤᠬᠢᠶᠠᠯ ᠤᠨ ᠬᠦᠭᠵᠢᠯ ᠳᠦ ᠢᠳᠡᠪᠬᠢᠲᠡᠢ ᠦᠢᠯᠡᠳᠦᠯ ᠦᠵᠡᠭᠦᠯᠦᠭᠰᠡᠨ ᠢ ᠡᠨᠳᠡ ᠣᠨᠴᠠᠭᠠᠢᠯᠠᠨ ᠲᠡᠮᠳᠡᠭᠯᠡᠬᠦ ᠴᠢᠬᠤᠯᠠ ᠲᠠᠢ᠃ |
原文 |
查看原文
|
出自 |
中国蒙古学
2016年
第2期
|