题名 |
ᠣᠳᠣ ᠦᠶ᠎ᠡ ᠶᠢᠨ ᠮᠣᠩᠭᠤᠯ ᠨᠤᠮ ᠤᠨ ᠬᠡᠪ ᠦᠨ ᠬᠡᠯᠪᠡᠷᠢ ᠶᠢᠨ ᠲᠦᠰᠦᠪᠯᠡᠯ ᠦᠨ ᠰᠢᠨᠵᠢᠯᠡᠭᠡ |
作者 |
ᠡᠦ ᠸᠧᠨ ᠵᠢᠦᠸᠠᠨ; ᠴᠢᠩ ᠯᠦᠩ |
关键词 |
ᠮᠣᠩᠭᠤᠯ ᠨᠤᠮ; ᠬᠡᠪ ᠦᠨ ᠬᠡᠯᠪᠡᠷᠢ; ᠦᠰᠦᠭ ᠲᠡᠮᠳᠡᠭ ᠦᠨ ᠲᠦᠰᠦᠪᠯᠡᠯ; ᠵᠢᠭᠢᠷᠢᠭ᠌ ᠵᠢᠷᠤᠭ ᠤᠨ ᠲᠦᠰᠦᠪᠯᠡᠯ |
摘要 |
ᠬᠡᠪ ᠦᠨ ᠬᠡᠯᠪᠡᠷᠢ ᠶᠢᠨ ᠲᠦᠰᠦᠪᠯᠡᠯ ᠭᠡᠳᠡᠭ ᠪᠤᠯ ᠨᠤᠮ ᠤᠨ ᠪᠠᠷᠯᠠᠯᠲᠠ ᠶᠢᠨ ᠦᠯᠢᠭᠡᠷ ᠶᠠᠩᠵᠤ᠂ ᠦᠰᠦᠭ ᠦᠨ ᠲᠢᠭ᠌᠂ ᠨᠢᠭᠤᠷ ᠤᠨ ᠶᠡᠬᠡ ᠪᠠᠭ᠎ᠠ᠂ ᠭᠠᠷᠴᠠᠭ᠂ ᠰᠡᠳᠦᠪ᠂ ᠲᠠᠢ᠌ᠯᠪᠤᠷᠢ᠂ ᠨᠢᠭᠤᠷ ᠤᠨ ᠳ᠋ᠤᠭᠠᠷ᠂ ᠨᠢᠭᠤᠷ ᠤᠨ ᠭᠠᠷᠴᠠᠭ ᠵᠡᠷᠭᠡ ᠶᠢ ᠲᠦᠰᠦᠪᠯᠡᠬᠦ ᠶᠢ ᠵᠢᠭᠠᠵᠤ ᠪᠠᠢ᠌ᠨ᠎ᠠ᠃ ᠲᠡᠭᠦᠨ ᠢ ᠬᠠᠪᠢᠰᠤ ᠲᠦᠰᠦᠪᠯᠡᠬᠦ᠂ ᠦᠳᠡᠵᠦ ᠳᠡᠪᠲᠡᠷᠯᠡᠬᠦ ᠬᠡᠯᠪᠡᠷᠢ ᠮᠠᠶᠢᠭ᠂ ᠵᠦᠰᠦᠮ ᠦᠨ ᠬᠡᠮᠵᠢᠶ᠎ᠡ ᠵᠡᠷᠭᠡ ᠶᠢ ᠤᠷᠠᠯᠠᠵᠤ ᠴᠢᠮᠡᠬᠦ ᠠᠵᠢᠯ ᠲᠠᠢ ᠠᠳᠠᠯᠢ ᠪᠠᠷ ᠡᠬᠡ ᠪᠢᠴᠢᠭ᠌ ᠦᠨ ᠠᠭᠤᠯᠭ᠎ᠠ᠂ ᠰᠢᠨᠵᠢ ᠴᠢᠨᠠᠷ᠂ ᠬᠡᠷᠡᠭᠯᠡᠯᠲᠡ᠂ ᠤᠩᠰᠢᠬᠤ ᠡᠲᠡᠭᠡᠳ ᠵᠡᠷᠭᠡ ᠶᠢ ᠦᠨᠳᠦᠰᠦᠯᠡᠨ ᠲᠤᠭᠲᠠᠭᠠᠨ᠎ᠠ᠃ ᠡᠭᠦᠨ ᠳᠦ ᠬᠡᠯᠪᠡᠷᠢ ᠪᠤᠯᠤᠨ ᠠᠭᠤᠯᠭ᠎ᠠ ᠶᠢᠨ ᠨᠢᠭᠡᠲᠦᠮᠡᠯ ᠰᠢᠨᠵᠢ ᠬᠢᠭᠡᠳ ᠵᠤᠬᠢᠴᠠᠩ᠋ᠭᠤᠢ ᠪᠦᠬᠦᠯᠢ ᠴᠤᠭᠴᠠᠲᠤ ᠰᠢᠨᠵᠢ ᠪᠠᠢ᠌ᠬᠤ ᠶᠢ ᠠᠩ᠋ᠬᠠᠷᠪᠠᠯ ᠵᠤᠬᠢᠨ᠎ᠠ᠃ ᠨᠤᠮ ᠪᠤᠯ ᠬᠡᠪᠯᠡᠯ ᠦᠨ ᠨᠢᠭᠤᠷ ᠢᠶᠠᠷ ᠳᠠᠮᠵᠢᠨ ᠤᠩᠰᠢᠭᠴᠢᠳ ᠲᠠᠢ ᠨᠡᠪᠲᠡᠷᠡᠯᠴᠡᠨ᠂ ᠤᠩᠰᠢᠭᠴᠢᠳ ᠲᠤ ᠮᠡᠳᠡᠯᠭᠡ ᠬᠠᠩ᠋ᠭᠠᠳᠠᠭ᠃ ᠨᠢᠭᠡᠨ ᠰᠠᠢ᠌ᠨ ᠬᠡᠪ ᠦᠨ ᠬᠡᠯᠪᠡᠷᠢ ᠶᠢᠨ ᠲᠦᠰᠦᠪᠯᠡᠯ ᠨᠢ ᠤᠩᠰᠢ᠋ᠬᠤ ᠳᠤ ᠳᠠᠭᠠᠯᠠᠮᠵᠢᠲᠠᠢ ᠮᠦᠷᠲᠡᠭᠡᠨ ᠨᠤᠮ ᠤᠨ ᠠᠭᠤᠯᠭ᠎ᠠ ᠲᠠᠢ ᠤᠷᠭᠠᠨᠢᠭ ᠢᠶᠠᠷ ᠨᠢᠭᠡᠲᠦᠨ᠂ ᠨᠤᠮ ᠤᠩᠰᠢᠬᠤ ᠶᠠᠪᠤᠴᠠ ᠳᠤ ᠠᠶᠠᠨᠳᠠᠭᠠᠨ ᠭᠤᠤ᠎ᠠ ᠲᠠᠭᠠᠰᠢᠶᠠᠯ ᠤᠨ ᠪᠠᠶᠠᠷ ᠪᠠᠶᠠᠰᠤᠯ ᠣᠯᠭᠤᠨ᠎ᠠ᠃ |
原文 |
查看原文
|
出自 |
中国蒙古学
2012年
第6期
|